ᠴᠢ ᠲᠠᠢ ᠪᠠᠯᠭᠠᠰᠤᠨ ᠤ ᠳᠤᠰᠬᠤᠨ ᠳᠤ ᠰᠠᠭᠤᠬᠤ ᠠᠯᠪᠠᠨ ᠭᠡᠷ ᠳᠤᠰᠬᠤᠨ ᠳᠤ ᠰᠠᠭᠤᠭ᠎ᠠ ᠠᠵᠢᠯᠯᠠᠬᠤ ᠠᠩᠭᠢ ᠳᠤ ᠰᠢᠮᠳᠠᠭᠤᠯᠤᠨ ᠪᠠᠶᠢᠴᠠᠭᠠᠯᠳᠠ ᠬᠢᠪᠡ
ᠨᠡᠶᠢᠲᠡᠯᠡᠭᠰᠡᠨ ᠴᠠᠭ᠄
2018/8/10
   ᠤᠶᠢᠷ᠎ᠡ ᠶᠢᠨ ᠡᠳᠦᠷ᠂ ᠴᠢ ᠲᠠᠢ ᠪᠠᠯᠭᠠᠰᠤᠨ ᠤ ᠳᠤᠰᠬᠤᠨ ᠳᠤ ᠰᠠᠭᠤᠬᠤ ᠠᠯᠪᠠᠨ ᠭᠡᠷ ᠨᠢ ᠳᠤᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠠᠮᠢᠳᠤᠷᠠᠯ ᠤᠨ ᠪᠠᠶᠢᠳᠠᠯ᠂ ᠠᠵᠢᠯ ᠤᠨ ᠪᠠᠶᠢᠳᠠᠯ᠂ ᠪᠠᠶᠢᠷᠢᠨ ᠳᠠᠭᠠᠨ ᠪᠠᠶᠢᠭ᠎ᠠ ᠪᠠᠶᠢᠳᠠᠯ ᠵᠢᠴᠢ ᠳᠤᠭᠳᠠᠭᠰᠠᠨ ᠬᠤᠭᠤᠴᠠᠭᠠᠨ ᠳᠤ ᠨᠢᠬᠡᠨᠳᠡ ᠳᠤᠭᠳᠠᠭᠠᠭᠰᠠᠨ ᠡᠬᠦᠷᠬᠡ ᠪᠠᠨ ᠪᠡᠶᠡᠯᠡᠬᠦᠯᠦᠭᠰᠡᠨ ᠡᠰᠡᠬᠦ  ᠶᠢ ᠪᠠᠶᠢᠴᠠᠭᠠᠵᠤ᠂ ᠨᠠᠮ ᠤᠨ ᠬᠤᠷᠢᠶᠠᠨ ᠤ ᠱᠦᠵᠢ ᠳᠤᠰᠬᠤᠨ ᠳᠤ ᠰᠠᠭᠤᠬᠤ ᠠᠯᠪᠠᠨ ᠬᠡᠷ ᠤᠨ ᠡᠷᠬᠢᠯᠡᠭᠴᠢ ᠬᠠᠪᠰᠤᠷᠭᠠᠭᠴᠢ ᠯᠢ ᠵᠧᠨ ᠸᠧᠢ᠂ ᠨᠠᠮ ᠤᠨ ᠬᠤᠷᠢᠶᠠᠨ ᠤ ᠳᠡᠳ᠋ ᠱᠦᠵᠢ ᠳᠤᠰᠬᠤᠨ ᠳᠤ ᠰᠠᠭᠤᠬᠤ ᠠᠯᠪᠠᠨ ᠭᠡᠷ ᠤᠨ ᠳᠡᠳ᠋ ᠡᠷᠬᠢᠯᠡᠭᠴᠢ ᠶᠢ ᠬᠠᠪᠰᠤᠷᠭᠠᠭᠴᠢ ᠵᠤᠤ ᠹᠠ ᠫᠢᠩ᠂ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠤ ᠱᠦᠵᠢ ᠶᠤᠸᠠᠨ ᠬᠤᠤ ᠵᠢᠴᠢ ᠳᠤᠰᠬᠤᠨ ᠳᠤ ᠰᠠᠭᠤᠬᠤ ᠠᠯᠪᠠᠨ ᠬᠡᠷ ᠪᠤᠰᠤᠳ ᠬᠤᠶᠠᠷ ᠪᠦᠷᠢᠯᠳᠦᠬᠦᠨ ᠴᠢ ᠲᠠᠢ ᠪᠠᠯᠭᠠᠰᠤᠨ  ᠤ ᠪᠤᠢ ᠪᠦᠬᠦᠢ ᠳᠤᠰᠬᠤᠨ ᠳᠤ ᠰᠠᠭᠤᠭ᠎ᠠ ᠠᠵᠢᠯᠯᠠᠬᠤ ᠠᠩᠭᠢ ᠳᠤ ᠰᠢᠮᠳᠠᠭᠤᠯᠤᠨ ᠪᠠᠶᠢᠴᠠᠭᠠᠯᠳᠠ ᠬᠢᠪᠡ᠃    ᠳᠤᠰᠬᠤᠨ ᠳᠤ ᠰᠠᠭᠤᠭ᠎ᠠ 15 ᠠᠵᠢᠯᠯᠠᠬᠤ ᠠᠩᠭᠢ ᠳᠤ ᠰᠢᠮᠳᠠᠭᠤᠯᠤᠨ ᠪᠠᠶᠢᠴᠠᠭᠠᠯᠳᠠ ᠬᠢᠬᠦ ᠪᠠᠷ ᠳᠠᠮᠵᠢᠭᠤᠯᠤᠨ ᠂ ᠳᠤᠰᠬᠤᠨ ᠳᠤ ᠰᠠᠭᠤᠭ᠎ᠠ ᠲᠦᠢᠯ ᠤᠨ ᠤᠨᠴᠠᠭᠠᠢ ᠠᠵᠢᠯᠯᠠᠬᠤ ᠠᠩᠭᠢ ᠳᠤ ᠴᠢᠯᠦᠬᠡ ᠭᠤᠶᠤᠬᠤ ᠦᠬᠡᠢ ᠪᠠᠶᠢᠷᠢᠨ  ᠳᠠᠭᠠᠨ ᠪᠠᠶᠢᠬᠤ ᠦᠬᠡᠢ ᠴᠠᠭ ᠲᠠᠭᠠᠨ ᠶᠠᠳᠠᠭᠤ ᠶᠢ ᠳᠡᠳᠬᠦᠬᠦ ᠡᠬᠦᠷᠬᠡ ᠪᠠᠨ ᠪᠡᠶᠡᠯᠡᠬᠦᠯᠦᠭᠰᠡᠨ ᠦᠬᠡᠢ ᠪᠠᠶᠢᠳᠠᠯ᠂ ᠳᠤᠰᠬᠤᠨ ᠳᠤ ᠰᠠᠭᠤᠭ᠎ᠠ ᠪᠤᠰᠤᠳ ᠠᠵᠢᠯᠯᠠᠬᠤ ᠠᠩᠭᠢ ᠨᠢ ᠪᠠᠶᠢᠷᠢᠨ ᠳᠠᠭᠠᠨ ᠪᠠᠶᠢᠬᠤ ᠪᠦᠬᠡᠳ ᠤᠳᠤᠬᠠᠨ ᠤ ᠨᠢᠬᠡ ᠬᠡᠰᠡᠭ ᠬᠤᠭᠤᠴᠠᠭᠠᠨ ᠳᠤᠳᠤᠷᠡᠬᠢ ᠶᠠᠳᠠᠭᠤ ᠶᠢ ᠳᠡᠳᠬᠦᠬᠦ ᠡᠬᠦᠷᠬᠡ ᠪᠠᠨ ᠪᠡᠶᠡᠯᠡᠬᠦᠯᠦᠭᠰᠡᠨ ᠪᠤᠶᠤ ᠦᠨᠳᠦᠰᠦᠨ ᠳᠡᠭᠡᠨ ᠪᠡᠶᠡᠯᠡᠬᠦᠯᠦᠭᠰᠡᠨ ᠢ ᠢᠯᠡᠷᠡᠬᠦᠯᠪᠡ᠃    ᠳᠤᠰ ᠤᠳᠠᠭᠠᠨ ᠤ ᠰᠢᠮᠳᠠᠭᠤᠯᠤᠨ ᠪᠠᠶᠢᠴᠠᠭᠠᠯᠳᠠ ᠪᠠᠷ᠂ ᠴᠢ ᠲᠠᠢ ᠪᠠᠯᠭᠠᠰᠤᠨ ᠤ ᠳᠤᠰᠬᠤᠨ ᠳᠤ ᠰᠠᠭᠤᠬᠤ ᠠᠯᠪᠠᠨ ᠭᠡᠷ ᠶᠡᠭᠡ ᠬᠡᠮᠵᠢᠶᠡᠨ ᠤ ᠮᠡᠳᠡᠭᠡ ᠵᠠᠩᠭᠢ ᠶᠢ ᠤᠶᠢᠯᠠᠭᠠᠨ ᠡᠵᠡᠮᠰᠢᠵᠤ᠂ ᠴᠢ ᠲᠠᠢ ᠪᠠᠯᠭᠠᠰᠤᠨ ᠤ ᠶᠠᠳᠠᠭᠤ  ᠠᠴᠠ ᠠᠩᠭᠢᠵᠢᠷᠠᠭᠤᠯᠤᠨ ᠪᠤᠭᠤᠮᠳᠠ ᠰᠢᠪᠳᠤᠯᠬᠤ ᠵᠢᠴᠢ ᠪᠤᠰᠤᠳ ᠠᠵᠢᠯ ᠤᠨ ᠲᠦᠰᠦᠯ ᠢ ᠵᠤᠬᠢᠰᠳᠠᠢ ᠳᠤᠭᠳᠠᠭᠠᠬᠤ  ᠳᠤ ᠡᠰᠢ ᠪᠠᠷᠢᠮᠳᠠ ᠬᠠᠩᠭᠠᠭᠰᠠᠨ ᠪᠠᠶᠢᠨ᠎ᠠ᠃
 
ᠢᠷᠡᠯᠲᠡ᠄ ᠱᠠᠩᠳᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2