ᠰᠢᠨᠬᠤᠧᠠ ᠮᠤᠩᠭᠤᠯ ᠨᠧᠲ ᠬᠦᠬᠡᠬᠤᠳᠠ ᠶᠢᠨ 7 | ᠰᠠᠷ᠎ᠠ ᠶᠢᠨ 5 ᠤ ᠡᠳᠦᠷ ᠤᠨ ᠴᠠᠬᠢᠯᠭᠠᠨ | ᠮᠡᠳᠡᠬᠡ ᠤᠯᠤᠰ ᠤᠨ ᠲᠡᠷᠢᠭᠦᠯᠡᠭᠴᠢ ᠰᠢ ᠵᠢᠨ | ᠫᠢᠩ ᠪᠦᠬᠦ ᠤᠯᠤᠰ ᠤᠨ ᠡᠷᠡᠭᠦᠯ ᠬᠠᠮᠠᠭᠠᠯᠠᠯ ᠪᠠ | ᠡᠷᠡᠭᠦᠯ ᠮᠡᠨᠳᠦ ᠶᠢᠨ ᠶᠡᠬᠡ ᠬᠤᠷᠠᠯ | ᠳᠡᠭᠡᠷ᠎ᠠ《ᠪᠦᠬᠦ ᠠᠷᠠᠳ ᠤᠨ ᠡᠷᠡᠭᠦᠯ ᠮᠡᠨᠳᠦ | ᠪᠠᠶᠢᠬᠤ ᠦᠭᠡᠢ ᠪᠤᠯ ᠪᠦᠬᠦ ᠲᠠᠯ᠎ᠠ ᠪᠠᠷ | ᠴᠢᠨᠡᠬᠡᠯᠢᠭ ᠨᠡᠶᠢᠭᠡᠮ ᠳ᠋ᠦ ᠬᠦᠷᠴᠦ ᠴᠢᠳᠠᠬᠤ | ᠦᠭᠡᠢ》ᠭᠡᠵᠦ ᠵᠢᠭᠠᠬᠰᠡᠨ ᠪᠠᠶᠢᠳᠠᠭ᠃ ᠦᠪᠦᠷ | ᠮᠤᠩᠭᠤᠯ ᠤᠨ ᠰᠢᠯᠢ ᠵᠢᠨ ᠭᠤᠤᠯ ᠠᠶᠢᠮᠠᠭ ᠤᠨ | ᠮᠤᠩᠭᠤᠯ ᠡᠮᠨᠡᠯᠭᠡ᠂ ᠳᠡᠷᠢᠬᠦᠯᠡᠭᠴᠢ ᠰᠢ ᠵᠢᠨ | ᠫᠢᠩ ᠤᠨ ᠶᠠᠷᠢᠶᠠᠨ ᠤ ᠵᠤᠷᠢᠭ ᠰᠠᠨᠠᠭ᠎ᠠ ᠶᠢ | ᠪᠤᠳᠠᠳᠠᠢ ᠳ᠋ᠤ ᠦᠢᠯᠡᠳᠦᠯᠭᠡᠵᠢᠭᠦᠯᠵᠦ᠂ ᠠᠷᠠᠳ | ᠤᠯᠠᠨ ᠳ᠋ᠤ ᠨᠡᠩ ᠰᠠᠶᠢᠨ ᠡᠮᠨᠡᠯᠬᠡ ᠶᠢᠨ | ᠦᠢᠯᠡᠴᠢᠯᠡᠭᠡ ᠬᠠᠩᠭᠠᠬᠤ ᠶᠢᠨ ᠲᠦᠯᠦᠬᠡ ᠤᠯᠠᠨ | ᠵᠢᠯ ᠦᠨ ᠳᠤᠷᠰᠢ ᠴᠡᠭᠡ ᠶᠢᠨ ᠤᠯᠠᠮᠵᠢᠯᠠᠯᠲᠦ | ᠵᠠᠰᠠᠯ ᠢ ᠬᠡᠷᠡᠭᠯᠡᠵᠦ ᠰᠠᠶᠢᠨ ᠪᠦᠲᠦᠮᠵᠢ | ᠤᠯᠤᠬᠰᠡᠨ ᠤ ᠰᠠᠭᠤᠷᠢᠨ ᠳᠡᠭᠡᠷ᠎ᠠ ᠦᠨᠤ | ᠵᠢᠯ ᠡᠴᠡ ᠢᠩᠭᠡᠨ ᠤ ᠬᠤᠭᠤᠷᠮᠠᠭ ᠢ | ᠡᠮᠴᠢᠯᠡᠭᠡᠨ ᠳ᠋ᠦ ᠬᠡᠷᠡᠭᠯᠡᠭᠡᠳ ᠬᠦᠮᠦᠰ ᠦᠨ | ᠬᠦᠷᠢᠶᠡᠯᠡᠯ ᠢ ᠤᠯᠵᠦ ᠪᠠᠶᠢᠨ᠎ᠠ᠃ | ᠮᠤᠩᠭᠤᠯᠴᠤᠳ ᠤᠳᠠᠭᠠᠨ ᠵᠢᠯ ᠦᠨ ᠨᠡᠭᠦᠳᠡᠯ | ᠮᠠᠯᠵᠢᠯ ᠤᠨ ᠲᠡᠤᠬᠡᠨ ᠶᠠᠪᠤᠴᠠ ᠳ᠋ᠠᠭᠠᠨ | ᠲᠠᠪᠤᠨ ᠬᠤᠰᠢᠭᠤ ᠮᠠᠯ ᠢ ᠭᠠᠷᠰᠢᠭᠤᠯᠤᠨ | ᠳᠠᠰᠬᠠᠵᠦ᠂ ᠰᠠᠭᠠᠯᠢ ᠰᠦ᠋᠂ ᠠᠰᠢᠭ ᠰᠢᠮ᠎ᠠ ᠶᠢ | ᠨᠢ ᠪᠤᠯᠪᠠᠰᠤᠷᠠᠭᠤᠯᠤᠨ ᠦᠢᠯᠡᠳᠪᠦᠷᠢᠯᠡᠯ | ᠠᠮᠢᠳᠤᠷᠠᠯ ᠳ᠋ᠠᠭᠠᠨ ᠬᠡᠷᠡᠭᠯᠡᠵᠦ ᠢᠷᠡᠵᠡᠢ᠃ | ᠡᠭᠦᠨ ᠦ ᠳᠤᠲᠤᠷ᠎ᠠ ᠴᠡᠭᠡ ᠪᠤᠯᠤᠨ ᠢᠩᠭᠡᠨ ᠤ | ᠬᠤᠭᠤᠷᠮᠠᠭ ᠪᠤᠯ ᠭᠡᠭᠦᠦ᠂ ᠢᠩᠭᠡᠨ ᠤ ᠰᠦ᠋ ᠪᠠᠨ | ᠤᠯᠠᠮᠵᠢᠯᠠᠯᠲᠦ ᠠᠷᠭ᠎ᠠ ᠪᠠᠷ ᠢᠰᠭᠡᠵᠦ | ᠪᠤᠯᠪᠠᠰᠤᠷᠠᠭᠤᠯᠤᠬᠰᠡᠨ᠂ ᠶᠠᠮᠠᠷᠴᠦ ᠨᠡᠮᠡᠯᠳᠠ | ᠡᠳ᠋ ᠦᠭᠡᠢ ᠴᠤᠯ ᠪᠠᠶᠢᠭᠠᠯᠢᠯᠢᠬ ᠴᠠᠭᠠᠨ | ᠢᠳᠡᠭᠡᠨ ᠦ ᠲᠦᠷᠦᠯ ᠶᠤᠮ᠃ | ᠴᠡᠭᠡ᠂ ᠢᠩᠭᠡᠨ ᠤ ᠬᠤᠭᠤᠷᠮᠠᠭ ᠲᠦ ᠬᠦᠮᠦᠨ ᠦ | ᠪᠡᠶ᠎ᠡ ᠳ᠋ᠦ ᠳᠤᠰᠠᠳᠠᠢ ᠤᠯᠠᠨ ᠵᠦᠢᠯ ᠦᠨ | ᠡᠯᠧᠮᠧᠨ᠋ᠲ ᠠᠭᠤᠯᠤᠭᠳᠠᠵᠤ᠂ ᠴᠢᠰᠤᠨ ᠤ | ᠳᠠᠷᠤᠯᠳᠠ ᠶᠢ ᠳᠤᠬᠢᠷᠠᠭᠤᠯᠵᠦ᠂ ᠡᠯᠢᠭᠡ᠂ | ᠵᠢᠷᠤᠬᠡ᠂ ᠠᠭᠤᠰᠬᠢ᠂ ᠬᠤᠳᠤᠭᠤᠳᠤ᠂ ᠭᠡᠳᠡᠰᠦ | ᠵᠡᠷᠭᠡ ᠴᠤᠯᠤ ᠰᠠᠪᠠ ᠶᠢᠨ ᠡᠪᠡᠳᠴᠢᠨ ᠳ᠋ᠦ | ᠰᠠᠶᠢᠨ ᠢᠶᠡᠷ ᠪᠠᠷᠠᠬᠤ ᠦᠭᠡᠢ᠂ ᠨᠤᠶᠢᠷ | ᠬᠤᠯᠵᠢᠬᠤ᠂ ᠦᠯᠦ ᠬᠠᠯᠳᠠᠭᠠᠬᠤ ᠴᠢᠳᠠᠪᠦᠷᠢ | ᠮᠠᠭᠤᠳᠠᠬᠤ᠂ ᠶᠠᠰᠤ ᠰᠡᠶᠢᠷᠡᠭᠵᠢᠬᠦ ᠵᠡᠷᠭᠡ | ᠠᠷᠬᠠᠭ ᠡᠪᠡᠳᠴᠢᠨ ᠳ᠋ᠦ ᠴᠦ ᠮᠠᠰᠢ ᠰᠠᠶᠢᠨ | ᠦᠢᠯᠡᠳᠦᠯ ᠲᠠᠢ ᠪᠠᠶᠢᠳᠠᠭ ᠢ ᠦᠢᠯᠡᠳᠦᠯᠭᠡ | ᠭᠡᠷᠡᠴᠢᠯᠡᠭᠰᠡᠨ ᠪᠠᠶᠢᠳᠠᠭ᠃ ᠢᠯᠠᠩᠭᠤᠶ᠎ᠠ | ᠢᠩᠭᠡᠨ ᠤ ᠬᠤᠭᠤᠷᠮᠠᠭ ᠨᠢ ᠴᠢᠰᠤᠨ ᠤ ᠰᠢᠬᠢᠷ ᠢ | ᠪᠠᠭᠤᠷᠠᠭᠤᠯᠵᠦ᠂ ᠰᠢᠬᠢᠷ ᠰᠢᠵᠢᠩ ᠡᠪᠡᠳᠴᠢᠨ ᠢ | ᠠᠨᠠᠭᠠᠬᠤ ᠲᠠᠯ᠎ᠠ ᠪᠠᠷ ᠢᠯᠡᠷᠬᠡᠢ ᠦᠢᠯᠡᠳᠦᠯ | ᠲᠠᠢ᠃ | ᠢᠩᠭᠡᠨ ᠤ ᠬᠤᠭᠤᠷᠮᠠᠭ ᠢ ᠡᠮᠴᠢᠯᠡᠭᠡᠨ ᠳ᠋ᠦ | ᠬᠡᠷᠡᠭᠯᠡᠬᠦ ᠠᠵᠦ ᠦᠢᠯᠡᠰ ᠢ ᠤᠯᠠᠮ ᠰᠠᠶᠢᠨ | ᠬᠦᠭᠵᠢᠭᠦᠯᠬᠦ ᠶᠢᠨ ᠲᠦᠯᠦᠭᠡ᠂ ᠰᠢᠯᠢ ᠵᠢᠨ ᠭᠤᠤᠯ | ᠠᠶᠢᠮᠠᠭ ᠤᠨ ᠮᠤᠩᠭᠤᠯ ᠡᠮᠨᠡᠯᠭᠡ ᠵᠢᠨ | ᠬᠤᠷᠢᠶᠠᠨ ᠤ ᠳᠠᠷᠤᠭ᠎ᠠ ᠰᠡᠴᠡᠨᠪᠠᠭᠠᠳᠤᠷ᠂ | ᠤᠷᠴᠢᠮᠬᠠᠨ《ᠲᠡᠮᠡᠭᠡᠲᠦ ᠨᠤᠳᠤᠭ》ᠭᠡᠭᠳᠡᠭᠰᠡᠨ | ᠠᠯᠠᠱᠠ ᠠᠶᠢᠮᠠᠭ ᠤᠨ ᠠᠯᠠᠱᠠ ᠪᠠᠷᠠᠭᠤᠨ | ᠬᠤᠰᠢᠭᠤᠨ ᠳ᠋ᠤ ᠳᠤᠰᠬᠠᠶᠢᠯᠠᠨ ᠬᠦᠷᠴᠦ | ᠳᠡᠨᠳᠡᠬᠢ ᠦᠪᠦᠷ ᠮᠤᠩᠭᠤᠯ ᠤᠨ ᠲᠡᠮᠡᠭᠡᠨ ᠤ | ᠰᠤᠳᠤᠯᠭᠠᠨ ᠤ ᠬᠦᠷᠢᠶᠡᠯᠡᠩ᠂ ᠲᠡᠮᠡᠭᠡ | ᠲᠡᠵᠢᠭᠡᠨ ᠦᠷᠡᠵᠢᠭᠦᠯᠬᠦ ᠰᠠᠭᠤᠷᠢᠨ᠂ ᠠᠯᠳᠠᠨ | ᠢᠩᠭᠡᠨ ᠰᠠᠭᠠᠯᠢ ᠶᠢᠨ ᠮᠠᠯᠴᠢᠳ ᠤᠨ | ᠬᠤᠷᠰᠢᠶᠠᠵᠢᠯ ᠵᠡᠷᠭᠡ ᠭᠠᠵᠠᠷ ᠢᠶᠡᠷ ᠬᠦᠷᠴᠦ᠂ | ᠪᠠᠶᠢᠴᠠᠭᠠᠨ ᠰᠤᠳᠤᠯᠤᠯᠳᠠ ᠬᠢᠵᠦ ᠳᠤᠷᠰᠢᠯᠭ᠎ᠠ | ᠰᠤᠯᠢᠯᠴᠠᠵᠠᠢ᠃ | ᠲᠤᠰ ᠡᠮᠨᠡᠯᠭᠡ ᠴᠡᠭᠡ ᠪᠤᠯᠤᠨ ᠢᠩᠭᠡᠨ ᠤ | ᠬᠤᠭᠤᠷᠮᠠᠭ ᠢ ᠤᠯᠠᠮᠵᠢᠯᠠᠯᠲᠦ ᠡᠮᠴᠢᠯᠡᠭᠡ | ᠵᠠᠰᠠᠯ ᠳ᠋ᠤ ᠬᠡᠷᠡᠭᠯᠡᠭᠰᠡᠨ ᠨᠢ ᠤᠳᠤ ᠶᠢᠨ | ᠬᠦᠮᠦᠰ ᠦᠨ ᠪᠤᠬᠢᠷᠳᠤᠯ ᠦᠭᠡᠢ ᠬᠡᠯᠪᠡᠷᠢ ᠪᠠᠷ | ᠡᠪᠡᠳᠴᠢᠨ ᠢᠶᠡᠨ ᠠᠨᠠᠭᠠᠵᠦ᠂ ᠪᠡᠶ᠎ᠠ | ᠰᠤᠪᠢᠯᠠᠬᠤ ᠦᠵᠡᠯᠳᠠ ᠳ᠋ᠤ ᠵᠤᠬᠢᠴᠠᠨ᠂ ᠤᠯᠠᠨ ᠤ | ᠬᠦᠷᠢᠶᠡᠯᠡᠯ ᠢ ᠤᠯᠵᠦ ᠪᠠᠶᠢᠬᠤ ᠪᠠᠷ ᠪᠠᠷᠠᠬᠤ | ᠦᠬᠡᠢ᠂ ᠮᠠᠯᠴᠢᠳ ᠤᠨ ᠠᠳᠤᠭᠤ᠂ ᠲᠡᠮᠡᠭᠡ ᠪᠡᠨ | ᠮᠠᠯᠵᠢᠨ᠂ ᠰᠦ᠋ ᠰᠠᠭᠠᠯᠢ᠂ ᠠᠰᠢᠭ ᠰᠢᠮ᠎ᠠ ᠶᠢ ᠨᠢ | ᠪᠤᠷᠤᠯᠠᠭᠤᠯᠵᠦ᠂ ᠤᠷᠤᠯᠭ᠎ᠠ ᠪᠠᠨ | ᠨᠡᠮᠡᠭᠳᠡᠭᠦᠯᠬᠦ ᠳ᠋ᠤᠨᠢ ᠴᠤ ᠢᠳᠡᠪᠬᠢᠲᠠᠢ | ᠦᠢᠯᠡᠳᠦᠯ ᠦᠵᠡᠭᠦᠯᠵᠦ ᠪᠠᠶᠢᠨ᠎ᠠ᠃(ᠨᠡᠶᠢᠳᠡᠯᠡᠯ | ᠵᠢᠷᠤᠭ ᠢ ᠰᠢᠯᠢᠩᠬᠤᠳᠠ ᠶᠢᠨ ᠳᠤᠭ᠎ᠠ | ᠪᠦᠷᠢᠳᠬᠡᠯ ᠤᠨ ᠳᠤᠪᠴᠢᠶᠠᠨ ᠤ ᠴᠢᠷᠮ᠎ᠠ) | | |