ᠨᠠᠷᠠᠨ ᠳᠤ ᠰᠢᠷᠠᠬᠳᠠᠵᠤ ᠰᠢᠷᠬᠠᠯᠠᠪᠠᠯ ᠳᠠᠷᠦ᠋ᠢᠬᠠᠨ ᠠᠷᠭ᠎ᠠ ᠬᠡᠮᠵᠢᠶ᠎ᠠ ᠠᠪᠬᠤ ᠬᠡᠷᠡᠭᠳᠡᠢ
ᠨᠡᠶᠢᠲᠡᠯᠡᠭᠰᠡᠨ ᠴᠠᠭ᠄
2018-08-17
           1. ᠨᠠᠷᠠᠨ ᠳᠤ ᠶᠠᠪᠤᠭᠠᠳ ᠠᠷᠠᠰᠤ ᠬᠤᠷᠤᠰᠴᠤ ᠤᠯᠠᠶᠢᠬᠤ ᠪᠠᠶᠢᠳᠠᠯ ᠭᠠᠷᠪᠠᠯ ᠳᠠᠷᠦ᠋ᠢᠬᠠᠨ  ᠨᠠᠷᠠᠨ ᠠᠴᠠ ᠬᠠᠯᠬᠠᠯᠠᠬᠤ ᠠᠷᠭ᠎ᠠ ᠬᠡᠮᠵᠢᠶ᠎ᠠ ᠠᠪᠬᠤ ᠭᠡᠷᠡᠭᠳᠡᠢ᠃ ᠬᠡᠷᠪᠡ ᠦᠷᠭᠦᠯᠵᠢᠯᠡᠨ ᠨᠠᠷᠠᠨ ᠳᠤ ᠰᠢᠷᠠᠭᠳᠠᠬᠤ ᠳᠤ ᠬᠦᠷᠪᠡᠯ ᠰᠢᠷᠬᠠᠳᠤᠯ ᠨᠢ  ᠤᠯᠠᠮ ᠬᠦᠨᠳᠦᠷᠡᠳᠡᠭ᠂ ᠨᠠᠷᠠᠨ ᠤ ᠰᠢᠷᠬᠠᠳᠤᠯ ᠤᠨ ᠬᠦᠭᠵᠢᠯᠳᠡ ᠶᠢᠨ ᠶᠠᠪᠤᠴᠠ ᠨᠢ ᠪᠠᠷᠤᠭ 4 — 6 ᠴᠠᠭ ᠪᠠᠶᠢᠳᠠᠭ ᠪᠤᠯᠬᠤᠷ ᠭᠡᠳᠦᠢ ᠡᠷᠳᠡ ᠠᠷᠭ᠎ᠠ ᠬᠡᠮᠵᠢᠶ᠎ᠠ ᠠᠪᠤᠪᠠᠯ ᠳᠡᠳᠦᠢ ᠰᠠᠶᠢᠨ᠃            2. ᠬᠦᠢᠳᠡᠨ ᠤᠰᠤ ᠪᠠᠷ ᠱᠠᠪᠰᠢᠵᠤ ᠴᠢᠭᠢᠭ ᠢ ᠬᠠᠮᠠᠭᠠᠯᠠᠬᠤ ᠣ ᠳᠦᠷᠭᠢᠨ᠎ᠠ᠃ ᠠᠩᠬᠠᠷ︕ ᠮᠦᠰᠦ  ᠭᠡᠷᠡᠭᠯᠡᠵᠦ ᠪᠤᠯᠬᠤ ᠦᠭᠡᠢ᠂ ᠠᠯᠴᠢᠭᠤᠷ ᠢᠶᠠᠨ ᠬᠦᠷᠦᠭᠡᠭᠦᠷ ᠲᠤ ᠬᠢᠵᠦ ᠭᠦᠢᠳᠡᠨ ᠪᠤᠯᠭᠠᠭᠠᠳ  ᠰᠢᠷᠠᠭᠳᠠᠭᠰᠠᠨ ᠭᠠᠵᠠᠷ ᠢᠶᠠᠨ  ᠳᠠᠷᠤᠵᠤ ᠪᠤᠯᠤᠨ᠎ᠠ᠃ ᠳᠠᠬᠢᠨ ᠳᠠᠪᠳᠠᠨ ᠴᠢᠭᠢᠭ ᠢ ᠬᠠᠮᠠᠭᠠᠯᠠᠬᠤ ᠣ ᠳᠦᠷᠭᠢᠪᠡᠯ ᠠᠷᠠᠰᠤ ᠬᠠᠭᠤᠷᠬᠤ ᠶᠢ ᠪᠠᠭᠠᠰᠬᠠᠵᠤ  ᠪᠤᠯᠳᠠᠭ᠂ ᠸᠢᠲ᠋ᠠᠮᠢᠨ C᠂ E ᠡᠯᠪᠡᠭ ᠠᠭᠤᠯᠤᠭᠰᠠᠨ ᠪᠦᠲᠦᠭᠡᠭᠳᠡᠭᠦᠨ ᠭᠡᠷᠡᠭᠯᠡᠪᠡᠯ ᠰᠠᠶᠢᠨ᠃            3. ᠬᠦᠨᠳᠦ ᠭᠡᠴᠡᠭᠦᠦ ᠰᠢᠷᠠᠭᠳᠠᠵᠤ ᠴᠦᠪᠦᠷᠢᠭᠦᠦ ᠭᠠᠷᠬᠤ ᠳᠡᠭᠡᠷ᠎ᠡ ᠬᠦᠷᠪᠡᠯ ᠪᠡᠶ᠎ᠡ ᠶᠢᠨ ᠤᠰᠤ ᠠᠯᠳᠠᠭᠳᠠᠳᠠᠭ᠂ ᠤᠰᠤ ᠢᠯᠡᠭᠦᠦ ᠨᠦᠬᠦᠪᠡᠯ ᠵᠤᠬᠢᠨ᠎ᠠ᠃ ᠬᠡᠦᠬᠡᠳ  ᠤᠨᠴᠠᠭᠠᠢᠢᠯᠠᠨ ᠠᠩᠬᠠᠷᠬᠤ ᠭᠡᠷᠡᠭᠳᠡᠢ᠃ ᠨᠠᠷᠠᠨ ᠳᠤ ᠰᠢᠷᠠᠭᠳᠠᠵᠤ ᠴᠦᠪᠦᠷᠢᠭᠦᠦ ᠭᠠᠷᠤᠭᠰᠠᠨ‌ᠭᠠᠵᠠᠷ ᠨᠢ ᠪᠡᠶ᠎ᠡ ᠶᠢᠨ 20% ︵ᠬᠡᠦᠬᠡᠳ ᠤᠨ ᠪᠦᠬᠦᠯᠢ  ᠨᠢᠷᠦᠭᠤᠨ ᠤ  ᠭᠡᠰᠡᠭ ᠲᠠᠢ  ᠪᠠᠷᠤᠭ  ᠳᠡᠩᠴᠡᠨ᠎ᠠ︶ ᠡᠴᠠ‌‍ᠲ᠋ᠠᠪᠠᠭᠰᠠᠨ ᠪᠠᠶᠢᠳᠠᠯ ᠳᠤ ᠡᠮᠨᠡᠯᠭᠡ ᠳᠤ ᠤᠴᠢᠪᠠᠯ ᠵᠤᠬᠢᠨ᠎ᠠ᠃            4. ᠨᠠᠷᠠᠨ ᠳᠤ ᠰᠢᠷᠠᠭᠳᠠᠪᠠᠯ ᠠᠷᠠᠰᠤ ᠬᠡᠪᠡᠷᠡᠭ ᠪᠤᠯᠳᠠᠭ᠂ ᠳᠡᠶᠢᠮᠦ ᠠᠴᠠ ᠪᠡᠶ᠎ᠡ  ᠤᠭᠢᠶᠠᠬᠤ ᠳᠠᠭᠠᠨ ᠰᠢᠷᠠᠭᠳᠠᠭᠰᠠᠨ ᠭᠡᠰᠡᠭ ᠢᠶᠠᠨ ᠭᠡᠳᠦ ᠰᠢᠷᠦᠭᠦᠨ ᠨᠢᠳᠭᠡᠷᠴᠦ  ᠠᠷᠴᠢᠬᠤ ᠦᠭᠡᠢ ᠪᠠᠶᠢᠬᠤ ᠶᠢ ᠬᠢᠴᠢᠶᠡᠵᠦ᠂ ᠰᠢᠷᠬᠠᠯᠠᠵᠤ ᠦᠷᠪᠢᠰᠦᠯᠡᠬᠦ ᠠᠴᠠ ᠰᠡᠷᠭᠡᠶᠢᠯᠡᠬᠦ ᠭᠡᠷᠡᠭᠳᠡᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2