ᠬᠡᠳᠤ ᠶᠡᠭᠡ ᠲᠠᠷᠤᠯᠲᠠ ᠨᠢ ᠦᠮᠡᠨ ᠡᠪᠡᠳᠴᠢᠨ ᠢ ᠲᠦᠷᠭᠡᠳᠭᠡᠳᠡᠭ
ᠨᠡᠶᠢᠲᠡᠯᠡᠭᠰᠡᠨ ᠴᠠᠭ᠄
2018-08-28
           ᠲᠠᠷᠤᠯᠲᠠ ᠠᠬᠠᠳᠠᠬᠤ ᠨᠢ ︽ᠲᠦᠷᠭᠡᠨ ᠵᠠᠮ︾ ᠵᠠᠰᠠᠭᠰᠠᠨ ᠰᠢᠭ᠋ ᠢᠶᠠᠷ ᠦᠮᠡᠨ ᠤ ᠲᠠᠷᠬᠠᠯᠲᠠ ᠶᠢᠨ  ᠬᠤᠷᠳᠤᠴᠠ ᠶᠢ ᠵᠢᠷᠭᠤᠭᠠᠨ ᠲᠠᠬᠢᠨ ᠨᠡᠮᠡᠭᠳᠡᠬᠦᠯᠳᠡᠭ ᠭᠡᠰᠡᠨ ᠢ ᠠᠦ᠋ᠰᠲᠷᠠᠯᠢᠶ᠎ᠠ ᠶᠢᠨ ᠮᠦᠨᠠᠱᠢ ᠶᠡᠭᠡ  ᠰᠤᠷᠭᠠᠭᠤᠯᠢ   ᠶᠢᠨ ᠰᠤᠳᠤᠯᠭᠠᠨ ᠢᠯᠡᠷᠡᠬᠦᠯᠵᠠᠢ᠃            ᠲᠠᠷᠤᠯᠲᠠ ᠶᠢ ᠨᠠᠮᠳᠠᠭᠠᠵᠤ ᠮᠠᠭᠤ ᠡᠨᠧᠷᠬᠢ ᠶᠢ ᠵᠠᠳᠠᠷᠠᠭᠤᠯᠬᠤ ᠠᠷᠪᠠᠨ ᠠᠷᠭ᠎ᠠ            1.10 ᠮᠢᠨᠦ᠋ᠲ ᠨᠠᠮ ᠰᠠᠭᠤᠵᠤ ᠬᠦᠨ ᠪᠤᠳᠤᠯᠭᠠᠰᠢᠷᠠᠬᠤ᠃ ᠨᠠᠮ ᠰᠠᠭᠤᠵᠤ ᠬᠦᠨ ᠪᠤᠳᠤᠯᠭᠠᠰᠢᠷᠠᠬᠤ ᠨᠢ ᠴᠢᠰᠦᠨ ᠤ ᠡᠷᠬᠢᠯᠲᠡ ᠶᠢ ᠠᠬᠢᠭᠤᠯᠵᠤ᠂ ᠠᠮᠢᠳᠤᠷᠠᠯ ᠤᠨ ᠪᠤᠬᠢᠨᠢᠳᠦᠯ ᠢ ᠠᠷᠢᠯᠭᠠᠳᠠᠭ᠃ ᠴᠡᠴᠡᠷᠯᠢᠭ ᠤᠨ ᠰᠠᠨᠳᠠᠯᠢ   ᠠᠴᠠ ᠨᠡᠶᠢᠲᠡ ᠶᠢᠨ ᠮᠠᠰᠢᠨ ᠤ ᠰᠠᠭᠤᠳᠠᠯ᠂ ᠺᠤᠹᠧ ᠶᠢᠨ ᠮᠤᠬᠤᠯᠠᠭ ᠬᠦᠷᠲᠡᠯ᠎ᠡ᠂ ᠬᠠᠮᠢᠭ᠎ᠠ ᠴᠦ ᠭᠡᠰᠡᠨ ᠬᠢᠵᠤ ᠪᠤᠯᠳᠠᠭ᠃            2. ᠬᠦᠨ ᠠᠮᠢᠰᠬᠤᠬᠤ᠃ ᠲᠠᠷᠤᠯᠲᠠ ᠶᠡᠭᠡᠳᠡᠬᠦ ᠦᠶ᠎ᠡ ᠳᠤ ᠬᠠᠮᠠᠷ ᠢᠶᠠᠷ ᠢᠶᠠᠨ 2 ~ 3 ᠮᠢᠨᠦ᠋ᠲ ᠠᠭᠠᠵᠢᠮᠬᠠᠨ ᠬᠦᠨ ᠠᠮᠢᠰᠬᠤᠭ᠎ᠠ ᠠᠪᠴᠦ᠂ ᠲᠠᠷᠠᠭ᠎ᠠ ᠨᠢ ᠨᠢᠳᠤ ᠪᠠᠨ ᠠᠨᠢᠵᠤ᠂ ᠬᠡᠳᠤᠨ ᠮᠢᠨᠦ᠋ᠲ ᠨᠠᠮ  ᠵᠢᠮ  ᠰᠠᠭᠤᠨ᠎ᠠ᠃ ᠠᠮᠢᠰᠬᠤᠭ᠎ᠠ ᠠᠪᠬᠤ ᠳᠠᠭᠠᠨ ᠬᠤᠷᠤᠭᠤ ᠪᠠᠷ ᠢᠶᠠᠨ ᠬᠠᠮᠠᠷ ᠤᠨ ᠨᠦᠭᠡ ᠪᠠᠨ ᠡᠭᠡᠯᠵᠢᠯᠡᠨ ᠲᠠᠷᠤᠵᠤ᠂ ᠰᠤᠯᠢᠵᠤ ᠠᠮᠢᠰᠬᠤᠵᠤ ᠪᠤᠯᠤᠨ᠎ᠠ᠃ ᠠᠮᠢᠰᠬᠤᠭ᠎ᠠ ᠲᠦᠷᠢᠬᠦ ᠪᠦᠷᠢ ᠳᠡᠭᠡᠨ ᠤᠷᠤᠭᠤᠯ ᠲᠡᠭᠡᠷ᠎ᠡ ᠰᠠᠭᠤᠭᠰᠠᠨ ᠪᠠᠳᠠᠭᠠᠨ᠎ᠠ ᠶᠢ ᠦᠯᠢᠶᠡᠭᠡᠳ ᠶᠠᠪᠤᠭᠤᠯᠴᠢᠬᠠᠮᠠᠷ ᠲᠦᠷᠭᠡᠨ ᠮᠦᠷᠲᠡᠭᠡᠨ ᠬᠦᠴᠦᠲᠠᠢ ᠪᠠᠶᠢᠬᠤ ᠬᠡᠷᠡᠭᠲᠠᠢ᠃            3. ᠬᠡᠪᠡᠯᠢ ᠶᠢᠨ ᠠᠮᠢᠰᠬᠤᠭ᠎ᠠ ᠠᠪᠬᠤ᠃ ᠨᠢᠳᠤ ᠪᠠᠨ  ᠠᠨᠢᠵᠤ᠂ ᠨᠢᠭᠡ  ᠭᠠᠷ   ᠢᠶᠠᠨ ᠭᠡᠳᠡᠰᠦᠨ ᠲᠡᠭᠡᠷ᠎ᠡ   ᠪᠠᠨ᠂ ᠨᠦᠬᠦᠭᠡ ᠭᠠᠷ ᠢᠶᠠᠨ ᠴᠡᠭᠡᠵᠢᠨ ᠲᠡᠭᠡᠷ᠎ᠡ ᠪᠠᠨ ᠲᠠᠯᠪᠢᠨ᠎ᠠ᠃ ᠠᠮᠢᠰᠬᠤᠭ᠎ᠠ ᠠᠪᠬᠤ ᠳᠠᠭᠠᠨ ᠪᠦᠬᠦ ᠪᠡᠶ᠎ᠡ ᠪᠠᠷ ᠢᠶᠠᠨ ᠬᠦᠴᠦᠯᠡᠵᠤ᠂ ᠠᠭᠤᠰᠬᠢ ᠪᠤᠯᠤᠨ ᠬᠡᠪᠡᠯᠢ ᠪᠠᠨ ᠲᠦᠭᠳᠦ᠋ᠢᠳᠡᠯ᠎ᠡ ᠬᠦᠴᠦᠲᠠᠢ ᠠᠮᠢᠰᠬᠤᠨ᠎ᠠ᠃ ᠠᠮᠢᠰᠬᠤᠯ   ᠢᠶᠠᠨ ᠲᠦᠷ ᠬᠤᠷᠢᠵᠤ ᠠᠪᠤᠭᠠᠳ 6 ~ 8 ᠰᠧᠬᠦ᠋ᠨ᠋ᠳ᠋ ᠤᠨ ᠲᠤᠳᠤᠷ᠎ᠠ ᠠᠭᠠᠵᠢᠮ ᠢᠶᠠᠷ ᠠᠮᠢᠰᠬᠤᠭ᠎ᠠ ᠲᠦᠷᠢᠨ᠎ᠠ᠂ ᠲᠤᠮᠳᠠ ᠨᠢ ᠲᠠᠰᠤᠯᠳᠠᠭᠤᠯᠵᠤ ᠪᠤᠯᠬᠤ ᠦᠭᠡᠢ᠃            4. ᠵᠢᠭᠠᠷ ᠡᠪᠡᠰᠦ ᠦᠨᠦᠷᠯᠡᠬᠦ᠃ ᠵᠢᠭᠠᠷ ᠡᠪᠡᠰᠦ ᠪᠤᠯᠤᠨ ᠲᠡᠬᠦᠨ ᠤ ᠤᠬᠢ ᠲᠤᠰᠤ ᠨᠢ ᠪᠤᠬᠢᠨᠢᠳᠤᠯ  ᠭᠠᠨᠭ᠍ᠰᠠᠷᠠᠯ ᠢ ᠨᠠᠮᠳᠠᠭᠠᠵᠤ᠂ ᠨᠦᠢᠷ ᠢ ᠰᠠᠶᠢᠵᠢᠷᠠᠭᠤᠯᠳᠠᠭ᠃ ᠭᠡᠷ ᠲᠡᠭᠡᠨ ᠪᠤᠶᠤ ᠠᠯᠪᠠᠨ ᠭᠡᠷ ᠲᠡᠭᠡᠨ ᠨᠢᠭᠡ ᠯᠤᠩᠭᠤ ᠵᠢᠭᠠᠷ ᠡᠪᠡᠰᠦᠨ ᠤ ᠤᠬᠢ ᠲᠤᠰᠤ ᠲᠠᠯᠪᠢᠭᠠᠳ᠂ ᠦᠨᠦᠷᠯᠡᠬᠦ ᠪᠤᠶᠤ ᠪᠠᠭᠤᠤ ᠲᠡᠭᠡᠷ᠎ᠡ ᠪᠠᠨ ᠲᠦᠷᠬᠢᠵᠤ ᠨᠤᠬᠤᠯᠪᠠᠯ ᠲᠠᠷᠤᠯᠲᠠ ᠶᠢ ᠨᠠᠮᠳᠠᠭᠠᠳᠠᠭ᠃            5. ᠲᠤᠷᠠᠲᠠᠢ ᠨᠤᠮ ᠢᠶᠠᠨ ᠤᠡᠭᠰᠢᠬᠤ᠃ ᠨᠤᠮ ᠤᠡᠭᠰᠢᠬᠤ ᠨᠢ ᠬᠦᠮᠦᠰ ᠢ ᠪᠤᠲᠠᠳᠤ ᠶᠢᠷᠳᠢᠨᠴᠦ ᠶᠢᠨ ᠲᠠᠷᠤᠯᠲᠠ ᠠᠴᠠ ᠲᠦᠷ ᠵᠠᠶᠢᠯᠠᠭᠤᠯᠵᠤ᠂ ᠲᠠᠷᠤᠯᠲᠠ ᠶᠢ 68% ᠪᠠᠷ ᠬᠦᠡᠭᠭᠡᠷᠡᠬᠦᠯᠵᠤ ᠪᠤᠯᠳᠠᠭ ᠭᠡᠰᠡᠨ ᠢ  ᠠᠩᠭ᠍ᠯᠢ   ᠶᠢᠨ  ᠨᠢᠭᠡᠨ  ᠰᠤᠳᠤᠯᠭᠠᠨ‌ᠢᠯᠡᠷᠡᠬᠦᠯᠵᠠᠢ᠃ ᠲᠠᠷᠤᠯᠲᠠ ᠠᠬᠠᠳᠠᠬᠤ ᠦᠶ᠎ᠡ ᠳᠤ ᠲᠤᠷᠠᠲᠠᠢ ᠨᠤᠮ ᠢᠶᠠᠨ ᠲᠡᠯᠭᠡᠵᠤ᠂ ᠬᠡᠳᠤᠨ  ᠨᠢᠭᠤᠷ  ᠤᠡᠭᠰᠢᠵᠤ  ᠪᠠᠶᠢᠪᠠᠯ‌ᠠᠰᠢᠭᠲᠠᠢ᠃ ᠲᠤᠷᠠᠲᠠᠢ ᠠᠶ᠎ᠠ ᠲᠠᠭᠤᠤ ᠪᠠᠨ ᠰᠤᠨᠤᠰᠬᠤ ᠨᠢ ᠴᠦ ᠡᠶᠢᠮᠦ ᠦᠢᠯᠡᠳᠦᠯ ᠲᠠᠢ ᠪᠠᠶᠢᠳᠠᠭ ᠠᠵᠢ᠃            6. ᠬᠠᠷ᠎ᠠ ᠴᠤᠺᠦᠯᠡᠳ᠋ ᠢᠳᠡᠬᠦ᠃ ᠬᠠᠷ᠎ᠠ ᠴᠤᠺᠦᠯᠡᠳ᠋ ᠨᠢ ᠬᠦᠮᠦᠨ ᠤ  ᠪᠡᠶ᠎ᠡ ᠶᠢᠨ ᠤᠬᠤᠷ ᠬᠤᠭᠤᠴᠠᠭᠠᠨ ᠤ  ᠪᠠ ᠤᠷᠳᠤ ᠬᠤᠭᠤᠴᠠᠭᠠᠨ ᠤ ᠲᠠᠷᠤᠯᠲᠠ ᠶᠢ ᠬᠦᠡᠭᠭᠡᠷᠡᠬᠦᠯᠵᠤ ᠲᠡᠶᠢᠯᠳᠡᠭ᠃ ᠬᠠᠷ᠎ᠠ ᠴᠤᠺᠦᠯᠡᠳ᠋ ᠢᠳᠡᠪᠡᠯ  ᠰᠡᠳᠡᠯᠳᠡ ᠠᠷᠭᠠᠴᠠᠬᠤ ᠬᠤᠷᠮᠤᠨ ᠬᠦᠷᠦᠰᠦᠮᠡᠭ ᠤᠨ ᠠᠯᠺᠤᠤᠯ ᠪᠠ ᠪᠦᠬᠡᠷ᠎ᠠ ᠶᠢᠨ ᠲᠠᠬᠡᠳᠤ ᠪᠤᠯᠴᠢᠷᠬᠠᠢ ᠶᠢᠨ  ᠡᠳ᠋ ᠤᠨ ᠲᠦᠪᠰᠢᠨ ᠲᠤᠭᠤᠭᠰᠢᠯᠠᠵᠤ᠂ ᠲᠠᠷᠤᠯᠲᠠᠳᠤ ᠲᠦᠷᠦᠭᠳᠡᠯ ᠨᠢ ᠴᠦ ᠢᠯᠡᠷᠭᠡᠢ ᠬᠦᠡᠭᠭᠡᠷᠡᠳᠡᠭ ᠭᠡᠰᠡᠨ ᠢ ᠤᠯᠠᠨ ᠰᠤᠳᠤᠯᠭᠠᠨ ᠭᠡᠷᠡᠴᠢᠯᠡᠵᠠᠢ᠃            7. ᠪᠠᠶᠠᠷ ᠪᠠᠭ᠋ᠠᠳᠤᠯ ᠲᠠᠢ ᠦᠡᠭᠭᠡᠷᠡᠯᠳᠡ ᠪᠠᠨ ᠲᠤᠷᠠᠰᠬᠤ᠃ ᠠᠮᠧᠷᠢᠺᠠ ᠶᠢᠨ ᠷᠦᠭᠡᠷᠰ ᠶᠡᠭᠡ ᠰᠤᠷᠭᠠᠭᠤᠯᠢ ᠶᠢᠨ ᠰᠢᠨᠡᠭᠡᠨ ᠰᠤᠳᠤᠯᠭᠠᠨ ᠠᠴᠠ ᠦᠵᠡᠪᠡᠯ᠂ ᠲᠠᠷᠤᠯᠲᠠ ᠠᠬᠠᠳᠠᠬᠤ ᠦᠶ᠎ᠡ ᠳᠤ ᠪᠠᠶᠠᠷ ᠪᠠᠭ᠋ᠠᠳᠤᠯ ᠲᠠᠢ  ᠦᠡᠭᠭᠡᠷᠡᠯᠳᠡ ᠪᠠᠨ ᠲᠤᠷᠠᠰᠪᠠᠯ ᠬᠦᠷᠦᠰᠦᠮᠡᠭ ᠤᠨ ᠠᠯᠺᠤᠤᠯ ᠤᠨ ᠲᠦᠪᠰᠢᠨ ᠢ 85% ᠪᠠᠷ ᠪᠠᠭᠤᠷᠠᠭᠤᠯᠵᠤ  ᠲᠡᠶᠢᠯᠦᠨ᠎ᠡ᠃ ᠵᠢᠱᠢᠶᠡᠯᠡᠪᠡᠯ ᠭᠠᠷ ᠤᠳᠠᠰᠤᠨ ᠳᠠᠬᠢ ᠵᠢᠷᠤᠭ ᠰᠡᠬᠦᠳᠡᠷ ᠪᠤᠶᠤ ᠲᠦᠷᠰᠦ ᠪᠢᠴᠢᠯᠭᠡ ᠶᠢ ᠤᠷᠪᠠᠭᠤᠯᠵᠤ᠂ ᠦᠡᠭᠭᠡᠷᠡᠭᠰᠡᠨ ᠤ  ᠪᠠᠶᠠᠷᠳᠤ  ᠮᠦᠴᠡ   ᠪᠠᠨ ᠲᠤᠷᠠᠰᠬᠤ᠃            8. ᠠᠰᠠᠷ ᠤᠨ ᠱᠠᠳᠤ ᠲᠠᠪᠠᠭ᠋ᠤ᠃ ᠤᠷᠳᠤ ᠬᠤᠭᠤᠴᠠᠭᠠᠨ ᠤ ᠲᠤᠷᠰᠢ᠂ ᠬᠦᠮᠦᠰ ᠲᠠᠮᠢᠷ ᠤᠨ ᠬᠦᠳᠡᠯᠭᠡᠭᠡᠨ ᠲᠠᠷᠤᠯᠲᠠ‌ᠵᠢ ᠬᠦᠡᠭᠭᠡᠷᠡᠬᠦᠯᠬᠦ ᠳᠤ ᠲᠤᠰᠠᠲᠠᠢ ᠭᠡᠵᠤ ᠦᠵᠡᠭᠰᠡᠭᠡᠷ ᠢᠷᠡᠵᠠᠢ᠃ ᠰᠢᠨᠡᠭᠡᠨ ᠰᠤᠳᠤᠯᠭᠠᠨ ᠠᠴᠠ ᠦᠵᠡᠪᠡᠯ᠂ ᠲᠦᠷ ᠴᠠᠭ ᠤᠨ ᠴᠤᠴᠢᠮᠠᠭ ᠬᠦᠳᠡᠯᠭᠡᠭᠡᠨ ᠨᠢ ᠲᠠᠷᠤᠯᠲᠠ ᠶᠢ ᠲᠦᠷᠭᠡᠨ ᠪᠠᠭᠤᠷᠠᠭᠤᠯᠳᠠᠭ᠂ ᠵᠢᠱᠢᠶᠡᠯᠡᠪᠡᠯ᠂ ᠰᠡᠳᠬᠢᠯ ᠰᠠᠨᠠᠭ᠎ᠠ ᠪᠤᠬᠢᠨᠢᠳᠤᠬᠤ ᠦᠶ᠎ᠡ ᠳᠡᠭᠡᠨ ᠠᠰᠠᠷ ᠤᠨ ᠱᠠᠳᠤ ᠲᠠᠪᠠᠪᠠᠯ ᠵᠢᠷᠦᠭᠡᠨ ᠴᠤᠬᠢᠯᠭ᠎ᠠ ᠶᠢ ᠲᠦᠷᠭᠡᠳᠭᠡᠵᠤ᠂ ᠲᠠᠷᠤᠯᠲᠠ ᠶᠢ ᠨᠠᠮᠳᠠᠭᠠᠳᠠᠭ᠃            9. ᠵᠦᠯᠭᠡ ᠨᠤᠭᠤᠭ᠎ᠠ ᠶᠢ ᠢᠯᠪᠢᠬᠦ᠃ ᠲᠠᠷᠤᠯᠲᠠ ᠶᠡᠭᠡ ᠦᠶ᠎ᠡ ᠳᠤ ᠰᠢᠨ᠎ᠡ ᠰᠡᠪᠡᠬᠦᠨ ᠠᠭᠠᠷ  ᠠᠮᠢᠰᠬᠤᠬᠤ ᠨᠢ ᠴᠢᠬᠤᠯᠠ᠃ ᠬᠡᠷᠪᠡ ᠡᠭᠡ ᠪᠠᠶᠢᠭᠠᠯᠢ ᠲᠠᠢ ᠤᠢᠢᠷᠠᠳᠬᠤ ᠨᠦᠬᠦᠴᠡᠯ ᠦᠭᠡᠢ ᠪᠤᠯ ᠵᠦᠯᠭᠡ ᠨᠤᠭᠤᠭ᠎ᠠ ᠲᠠᠢ ᠭᠠᠵᠠᠷ  ᠤᠯᠵᠤ᠂ ᠵᠦᠯᠭᠡ ᠨᠤᠭᠤᠭ᠎ᠠ ᠶᠢ ᠢᠯᠪᠢᠵᠤ ᠬᠦᠨᠳᠡᠪᠡᠯ ᠪᠠᠰᠠ ᠲᠠᠷᠤᠯᠲᠠ ᠶᠢ ᠨᠠᠮᠳᠠᠭᠠᠬᠤ ᠦᠢᠯᠡᠳᠦᠯ ᠲᠠᠢ ᠪᠠᠶᠢᠳᠠᠭ᠃            10. ᠦᠷᠬᠦᠯᠵᠢ ᠢᠨᠢᠶᠡᠮᠰᠦᠭᠯᠡᠬᠦ᠃ ᠢᠨᠢᠶᠡᠮᠰᠦᠭᠯᠡᠬᠦ ᠨᠢ ᠪᠢᠽᠢᠦᠯᠦᠬᠢ   ᠶᠢᠨ ᠪᠠᠴᠢᠮᠳᠠᠯ ᠢ ᠨᠠᠮᠳᠠᠭᠠᠵᠤ᠂  ᠶᠡᠭᠡ ᠲᠠᠷᠢᠬᠢᠨ ᠳᠠᠬᠢ ᠰᠡᠳᠡᠯᠳᠡ ᠠᠷᠭᠠᠴᠠᠬᠤ ᠬᠤᠷᠮᠤᠨ ᠢ ᠪᠠᠭᠠᠰᠬᠠᠨ᠂ ᠪᠠᠶᠠᠰᠤᠯᠳᠤ ᠬᠤᠷᠮᠤᠨ ᠡᠨ᠋ᠳᠤᠷᠹᠢᠨ ᠪᠠ ᠳ᠋ᠤᠫ — ᠠᠮᠢᠨ ᠢ ᠨᠡᠮᠡᠭᠳᠡᠬᠦᠯᠳᠡᠭ᠃ ᠲᠠᠷᠤᠯᠲᠠ ᠬᠡᠳᠤ ᠶᠡᠭᠡ ᠪᠤᠯᠪᠡᠯ  ᠬᠦᠮᠦᠰ ᠦᠷᠬᠦᠯᠵᠢ ᠬᠦᠮᠦᠰᠭᠡ   ᠪᠠᠨ ᠵᠠᠩᠬᠢᠳᠳᠠᠭ᠃ ᠬᠤᠳᠠᠯ   ᠢᠶᠠᠷ ᠢᠨᠢᠶᠡᠮᠰᠦᠭᠯᠡᠭᠰᠡᠨ ᠴᠦ ᠲᠠᠷᠤᠯᠲᠠ ᠶᠢ ᠪᠠᠭᠤᠷᠠᠭᠤᠯᠬᠤ ᠳᠤ ᠢᠳᠡᠪᠬᠢ ᠦᠢᠯᠡᠳᠦᠯ ᠦᠵᠡᠬᠦᠯᠳᠡᠭ᠃ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2