ᠵᠣᠨ ᠤ ᠰᠡᠭᠦᠯᠴᠢ ᠨᠠᠮᠣᠷ ᠤᠨ ᠡᠬᠢᠨ ᠢᠶᠠᠷ ᠠᠮᠣᠷ ᠲᠦᠪᠰᠢᠨ ᠢᠶᠠᠷ ᠲᠡᠷᠭᠡ ᠵᠢᠯᠣᠭᠤᠳᠬᠤ ︽ᠲᠣᠯᠣᠭᠠᠨ ᠰᠡᠷᠭᠡᠶᠢᠯᠡᠯᠲᠡ︾ ᠶᠢ ᠮᠡᠳᠡᠬᠦ ᠬᠡᠷᠡᠭᠲᠡᠢ
ᠨᠡᠶᠢᠲᠡᠯᠡᠭᠰᠡᠨ ᠴᠠᠭ᠄
2018-08-28
   ᠨᠢᠭᠡ ᠳᠤ ᠶᠠᠳᠠᠷᠠᠭ᠎ᠠ ᠴᠢᠯᠡᠭᠡ ᠲᠠᠢ ᠲᠡᠷᠭᠡ ᠵᠢᠯᠣᠭᠤᠳᠬᠤ ᠠᠴᠠ ᠰᠡᠷᠭᠡᠶᠢᠯᠡᠨ᠎ᠡ᠃ ᠵᠣᠨ ᠤ ᠰᠡᠭᠦᠯᠴᠢ ᠨᠠᠮᠣᠷ ᠤᠨ ᠡᠬᠢᠨ  ᠤ ᠠᠭᠠᠷ ᠤᠨ ᠳᠣᠯᠠᠭᠠᠨ ᠬᠠᠷᠢᠴᠠᠩᠭᠤᠢ ᠦᠨᠳᠦᠷ᠂ ᠡᠳᠦᠷ ᠣᠷᠳᠣ ᠰᠦᠨᠢ ᠪᠣᠭᠤᠨᠢ᠂ ᠨᠣᠶᠢᠷ ᠮᠠᠭᠤ ᠵᠡᠷᠭᠡ ᠰᠢᠯᠳᠠᠭᠠᠨ ᠳᠤ ᠨᠥᠯᠦᠭᠡᠯᠡᠭᠳᠡᠵᠦ ᠨᠡᠩ ᠠᠮᠠᠷᠬᠠᠨ ᠴᠢᠯᠡᠭᠡᠷᠬᠡᠬᠦ ᠪᠣᠯᠣᠨ᠎ᠠ᠃            ᠬᠤᠶᠠᠷ ᠲᠤ᠂ ᠰᠠᠨᠠᠭ᠎ᠠ ᠰᠡᠳᠬᠢᠯ ᠳᠣᠭᠲᠠᠪᠣᠷᠢ ᠦᠭᠡᠢ ᠪᠠᠷ  ᠲᠡᠷᠭᠡ ᠵᠢᠯᠣᠭᠤᠳᠬᠤ ᠠᠴᠠ  ᠰᠡᠷᠭᠡᠶᠢᠯᠡᠨ᠎ᠡ᠃ ᠶᠡᠭᠡ ᠬᠠᠯᠠᠭᠤᠨ ᠳᠤ ᠲᠡᠷᠭᠡ ᠵᠢᠯᠣᠭᠤᠳᠬᠤ ᠳᠤ᠂ ᠵᠢᠯᠣᠭᠤᠴᠢ ᠠᠮᠠᠷᠬᠠᠨ  ᠪᠠᠴᠢᠮᠳᠠᠵᠣ᠂ ᠭᠠᠳᠠᠭᠠᠳᠣ ᠣᠷᠴᠢᠨ ᠤ ᠰᠡᠳᠡᠯᠲᠡ ᠳᠤ ᠣᠴᠠᠷᠪᠠᠯ ᠬᠢᠯᠪᠠᠷᠬᠠᠨ ᠰᠡᠳᠬᠢᠯ ᠬᠦᠭᠰᠡᠵᠦ ᠬᠡᠲᠦᠷᠡᠮᠡᠬᠡᠢ ᠠᠵᠢᠯᠯᠠᠭ᠎ᠠ ᠡᠭᠦᠰᠴᠤ᠂ ᠮᠠᠰᠢ ᠬᠢᠯᠪᠠᠷᠬᠠᠨ ᠠᠳᠡᠯ ᠡᠭᠦᠰᠬᠡᠬᠦ ᠪᠣᠯᠣᠨ᠎ᠠ᠃            ᠭᠤᠷᠪᠠ ᠳᠤ᠂ ᠬᠦᠳᠡᠯᠭᠡᠭᠦᠷ ᠤᠨ ᠬᠡᠲᠦᠷᠬᠡᠢ ᠬᠠᠯᠠᠬᠤ ᠠᠴᠠ ᠰᠡᠷᠭᠡᠶᠢᠯᠡᠨ᠎ᠡ᠃ ᠵᠣᠨ ᠤ ᠰᠡᠭᠦᠯᠴᠢ ᠨᠠᠮᠤᠷ ᠤᠨ ᠡᠬᠢᠨ  ᠳᠤ ᠬᠦᠳᠡᠯᠭᠡᠭᠦᠷ ᠤᠨ ᠬᠦᠷᠦᠭᠡᠯᠲᠡ ᠶᠢᠨ ᠰᠢᠰᠲ᠋ᠧᠮ ᠤᠨ ᠪᠠᠶᠢᠴᠠᠭᠠᠯᠲᠠ ᠪᠠ  ᠰᠡᠯᠪᠢᠨ ᠵᠠᠰᠠᠯᠲᠠ ᠶᠢ ᠴᠢᠩᠭᠠᠳᠬᠠᠵᠣ᠂ ᠣᠰᠣᠨ ᠬᠠᠶᠢᠷᠴᠠᠭ᠂ ᠣᠰᠣᠨ ᠳᠣᠭᠲᠣᠢ ᠲᠣᠲᠣᠷᠠᠬᠢ ᠣᠰᠣᠨ ᠤ ᠬᠠᠭ ᠪᠠ ᠢᠯᠴᠢ ᠲᠠᠷᠬᠠᠭᠠᠬᠤ ᠢᠯᠳᠠᠰᠣ ᠶᠢᠨ ᠬᠤᠭᠤᠷᠣᠨᠳᠣᠬᠢ ᠴᠣᠭᠯᠠᠷᠠᠭᠰᠠᠨ ᠵᠦᠢᠯ ᠢ ᠴᠠᠭ ᠲᠣᠬᠠᠢ ᠳᠤ ᠨᠢ ᠴᠡᠪᠡᠷᠯᠡᠨ᠎ᠡ︔ ᠳᠣᠯᠠᠭᠠᠨ ᠲᠣᠬᠢᠷᠠᠭᠤᠯᠣᠭᠴᠢ᠂ ᠣᠰᠣᠨ ᠬᠦᠬᠡᠷᠭᠡ᠂  ᠰᠠᠯᠬᠢᠨ ᠰᠡᠩᠰᠡ ᠶᠢᠨ ᠠᠵᠢᠯ ᠤᠨ ᠴᠢᠳᠠᠪᠬᠢ ᠶᠢ ᠨᠠᠷᠢᠨ ᠬᠢᠨᠠᠮᠠᠭᠠᠢ ᠪᠠᠶᠢᠴᠠᠭᠠᠵᠣ᠂ ᠡᠪᠳᠡᠷᠡᠭᠰᠡᠨ ᠪᠣᠯ ᠴᠠᠭ  ᠲᠣᠬᠠᠢ   ᠳᠤ   ᠨᠢ  ᠰᠡᠯᠪᠢᠨ ᠵᠠᠰᠠᠨ᠎ᠠ᠃            ᠲᠦᠷᠪᠡ ᠳᠤ᠂ ᠲᠣᠷᠮᠣᠰᠯᠠᠭᠤᠷ ᠤᠨ ᠦᠢᠯᠡᠳᠦᠯ ᠢᠶᠠᠨ ᠠᠯᠳᠠᠬᠤ ᠠᠴᠠ ᠰᠡᠷᠬᠡᠶᠢᠯᠡᠨ᠎ᠡ᠃  ᠰᠢᠩᠭᠡᠨ ᠪᠡᠶᠡᠲᠦ ᠶᠢᠨ ᠳᠠᠷᠣᠴᠠᠲᠣ ᠲᠣᠷᠮᠣᠰᠯᠠᠭᠤᠷ ᠤᠨ ᠮᠠᠰᠢᠨ ᠲᠡᠷᠭᠡ᠂ ᠲᠣᠷᠮᠣᠰᠯᠠᠭᠤᠷ ᠤᠨ ᠰᠢᠩᠭᠡᠨ ᠪᠡᠶᠡᠲᠦ ᠶᠢᠨ ᠴᠢᠨᠠᠷ ᠴᠢᠨᠰᠠᠭ᠎ᠠ ᠪᠠ ᠬᠡᠮᠵᠢᠶ᠎ᠡ ᠶᠢ ᠪᠠᠶᠢᠴᠠᠭᠠᠬᠤ ᠶᠢ ᠠᠩᠬᠠᠷᠴᠣ᠂ ᠪᠣᠴᠠᠯᠠᠬᠤ ᠴᠡᠭ ᠨᠢ ᠪᠠᠭᠤᠷᠠᠭᠰᠠᠨ ᠠᠴᠠ ᠪᠣᠯᠣᠭᠰᠠᠨ ᠬᠡᠢ ᠶᠢᠨ ᠬᠠᠷᠰᠢᠯ ᠡᠭᠦᠰᠴᠦ ᠲᠣᠷᠮᠣᠰᠯᠠᠬᠤ ᠪᠦᠳᠦᠮᠵᠢ ᠶᠢ ᠨᠥᠯᠦᠭᠡᠯᠡᠬᠦ ᠠᠴᠠ ᠰᠡᠷᠭᠡᠶᠢᠯᠡᠨ᠎ᠡ᠃            ᠲᠠᠪᠤ ᠳᠤ᠂ ᠪᠣᠯᠣ ᠳᠡᠯᠪᠡᠷᠡᠨ ᠬᠠᠭᠠᠷᠠᠬᠤ ᠠᠴᠠ ᠰᠡᠷᠭᠡᠶᠢᠯᠡᠨ᠎ᠡ᠃ ᠬᠤᠷᠴᠠ ᠨᠠᠷᠠᠨ ᠳᠤ ᠲᠣᠰᠣ ᠪᠠ ᠱᠦᠢᠨᠢ ᠵᠠᠮ ᠮᠠᠰᠢ‌‍ᠶᠡᠭᠡ ᠢᠯᠴᠢ ᠰᠢᠩᠭᠡᠭᠡᠨ᠂ ᠦᠨᠳᠦᠷ ᠬᠤᠷᠳᠣ ᠪᠠᠷ ᠡᠷᠭᠢᠯᠳᠦᠭᠡ ᠲᠡᠷᠭᠡᠨ ᠪᠣᠯᠣ ᠶᠢᠨ ᠳᠣᠯᠠᠭᠠᠨ ᠪᠠ ᠬᠡᠢ ᠶᠢᠨ ᠬᠠᠷᠰᠢᠯ  ᠢ ᠡᠭᠦᠰᠭᠡᠵᠦ ᠲᠡᠷᠭᠡᠨ ᠪᠣᠯᠣ ᠳᠡᠯᠪᠡᠷᠡᠨ ᠬᠠᠭᠠᠷᠠᠬᠤ ᠶᠠᠪᠤᠲᠠᠯ ᠬᠢᠯᠪᠠᠷᠬᠠᠨ ᠡᠭᠦᠰᠭᠡᠨ᠎ᠡ᠃            ᠵᠢᠷᠭᠤᠳᠣᠭᠠᠷ   ᠲᠤ᠂ ᠣᠰᠣ ᠪᠠᠷ ᠥᠩᠭᠡᠷᠡᠬᠦ ᠪᠠ ᠣᠨᠲᠠᠷᠠᠭᠰᠠᠨ ᠤ ᠳᠠᠷᠠᠭ᠎ᠠ ᠲᠠᠬᠢᠨ  ᠨᠣᠴᠣᠭᠠᠬᠤ ᠠᠴᠠ ᠰᠡᠷᠭᠡᠶᠢᠯᠡᠨ᠎ᠡ᠃ ᠣᠰᠣ ᠲᠣᠨᠣᠭᠰᠠᠨ ᠵᠠᠮ ᠢᠶᠠᠷ ᠬᠦᠴᠦᠯᠡᠨ ᠥᠩᠭᠡᠷᠡᠵᠦ ᠪᠣᠯᠬᠤ ᠦᠭᠡᠢ᠂ ᠣᠷᠢᠳᠠᠪᠠᠷ ᠲᠡᠷᠭᠡᠨ   ᠠᠴᠠ  ᠪᠠᠭᠤᠵᠣ ᠣᠰᠣᠨ ᠤ ᠭᠦᠨ ᠢ ᠦᠵᠡᠨ᠎ᠡ᠂ ᠬᠡᠷᠪᠡ ᠣᠰᠣᠨ ᠤ ᠬᠦᠨ ᠲᠡᠷᠭᠡᠨ ᠪᠣᠯᠣ   ᠶᠢᠨ ᠬᠠᠭᠠᠰ ᠢ ᠳᠠᠪᠠᠪᠠᠯ ᠨᠡᠪᠲᠡᠷᠡᠵᠦ ᠪᠣᠯᠬᠤ ᠦᠭᠡᠢ᠃            ᠲᠣᠯᠤᠭ᠎ᠠ ᠳᠤ᠂ ᠮᠠᠰᠢᠨ ᠲᠡᠷᠭᠡ ᠭᠠᠯ ᠤᠨ ᠠᠶᠣᠯ ᠡᠭᠦᠰᠬᠦ ᠠᠴᠠ ᠰᠡᠷᠭᠡᠶᠢᠯᠡᠨ᠎ᠡ᠃ ᠲᠣᠰᠣ ᠨᠡᠮᠡᠬᠦ ᠳᠤ ᠪᠠᠨ ᠬᠡᠲᠦᠷᠬᠡᠢ ᠲᠦᠭᠦᠷᠭᠡᠵᠦ ᠪᠣᠯᠬᠤ ᠦᠭᠡᠢ᠂ ᠮᠠᠰᠢᠨ ᠲᠡᠷᠭᠡᠨ ᠤ ᠲᠣᠰᠣᠨ ᠬᠠᠶᠢᠷᠴᠠᠭ ᠤᠨ ᠪᠦᠭᠯᠡᠭᠡ ᠴᠥᠮ ᠠᠭᠠᠷ ᠨᠡᠪᠲᠡᠷᠡᠬᠦ ᠨᠥᠬᠡ  ᠲᠠᠢ᠂ ᠬᠡᠷᠪᠡ ᠴᠢᠶ᠋ᠢᠦ ᠲᠣᠰᠣ ᠬᠡᠲᠦᠷᠡᠬᠡᠢ ᠨᠡᠮᠡᠪᠡᠯ᠂ ᠠᠶᠠᠯᠠᠯ ᠳᠣᠮᠳᠠ ᠳᠡᠩᠰᠡᠯᠬᠦ ᠠᠴᠠ ᠪᠢᠯᠬᠠᠷᠠᠨ ᠭᠠᠷᠴᠣ᠂ ᠳᠠᠶᠢᠪᠣᠩ ᠴᠠᠬᠢᠯᠭᠠᠨ ᠳᠤ ᠣᠴᠠᠷᠠᠪᠠᠯ ᠭᠠᠯ ᠤᠨ ᠠᠶᠣᠯ ᠡᠭᠦᠰᠬᠦ ᠪᠣᠯᠣᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2