| | | ᠠᠮᠧᠷᠢᠺᠠ ᠶᠢᠨ ᠤᠶᠢᠷ᠎ᠠ ᠳᠤ ᠬᠢᠭᠰᠡᠨ ᠨᠢᠭᠡᠨ ᠰᠢᠨ᠎ᠡ ᠰᠤᠳᠤᠯᠭᠠᠨ ᠠᠴᠠ ᠦᠵᠡᠪᠡᠯ᠂ ᠡᠳᠤᠷ ᠪᠦᠷᠢ ᠨᠢᠭᠡ ᠴᠠᠭ | ᠬᠦᠨ ᠪᠤᠲᠤᠯᠭᠠᠰᠢᠷᠠᠪᠠᠯ ᠲᠠᠷᠢᠬᠢ ᠮᠤᠨᠤᠬᠤ ᠶᠢ ᠪᠦᠲᠦᠮᠵᠢᠲᠠᠢ ᠨᠠᠮᠳᠠᠭᠠᠵᠤ᠂ ᠨᠠᠰᠤ ᠠᠬᠢᠬᠤ ᠲᠤᠳᠤᠮ ᠰᠡᠳᠬᠢᠬᠦᠢ ᠤᠯᠠᠮ | ᠬᠤᠷᠴᠠ ᠰᠡᠷᠭᠡᠭ ᠪᠤᠯᠤᠨ᠎ᠠ᠃ | ᠠᠮᠧᠷᠢᠺᠠ ᠶᠢᠨ ᠺᠠᠯᠢᠹᠤᠷᠨᠢᠶ᠎ᠠ ᠵᠸᠤ ᠶᠢᠨ ᠶᠡᠭᠡ ᠰᠤᠷᠭᠠᠭᠤᠯᠢ ᠶᠢᠨ ᠳ᠋ᠠᠸᠢᠰ ᠬᠤᠪᠢᠶᠠᠷᠢ ᠰᠤᠷᠭᠠᠭᠤᠯᠢ ᠶᠢᠨ ᠰᠢᠨᠵᠢᠯᠡᠬᠦ | ᠤᠬᠠᠭᠠᠨ ᠤ ᠰᠤᠳᠤᠯᠭᠠᠨ ᠤ ᠲᠤᠭᠤᠶᠢᠯᠠᠩ 2011 ᠤᠨ ᠳᠤ ᠬᠦᠨ ᠪᠤᠲᠤᠯᠭᠠᠰᠢᠷᠠᠬᠤ ᠲᠤᠬᠠᠢ ᠨᠢᠭᠡᠨ ᠰᠤᠳᠤᠯᠭᠠᠨ | ᠬᠢᠵᠠᠢ᠃ ᠠᠮᠧᠷᠢᠺᠠ ᠶᠢᠨ ᠬᠦᠨ ᠪᠤᠲᠤᠯᠭᠠᠰᠢᠷᠠᠬᠤ ᠲᠦᠪ ᠲᠤ᠂ ᠰᠤᠳᠤᠯᠭᠠᠳᠠᠳ ᠢᠳᠡᠷ ᠦᠳᠡᠯᠦᠭᠡ ᠨᠠᠰᠤᠨ ᠤ 60 | ᠰᠠᠶᠢᠨ ᠲᠤᠷᠠᠴᠢᠨ ᠢ 3 ᠰᠠᠷ᠎ᠠ ᠶᠢᠨ ᠬᠤᠭᠤᠴᠠᠭ᠎ᠠ ᠲᠠᠢ ᠬᠦᠨ ᠪᠤᠲᠤᠯᠭᠠᠰᠢᠷᠠᠬᠤ ᠪᠤᠯᠪᠠᠰᠤᠷᠠᠯ ᠳᠤ ᠤᠷᠤᠯᠴᠠᠭᠤᠯᠵᠤ᠂ | ᠲᠡᠳᠡᠨ ᠤ ᠲᠠᠨᠢᠨ ᠮᠡᠳᠡᠬᠦᠢ ᠶᠢᠨ ᠴᠢᠳᠠᠪᠤᠷᠢ ᠶᠢᠨ ᠲᠡᠭᠡᠭᠰᠢᠯᠡᠯᠲᠡ ᠳᠤ ᠦᠨᠡᠯᠡᠯᠲᠡ ᠬᠢᠭᠰᠡᠨ ᠪᠠᠶᠢᠨ᠎ᠠ᠃ ᠲᠤᠰ | ᠪᠤᠯᠪᠠᠰᠤᠷᠠᠯ ᠳᠤ ᠤᠷᠤᠯᠴᠠᠭᠰᠠᠳ ᠬᠡᠯᠡᠬᠦ ᠳᠡᠭᠡᠨ᠂ ᠬᠦᠨ ᠪᠤᠲᠤᠯᠭᠠᠰᠢᠷᠠᠬᠤ ᠪᠤᠯᠪᠠᠰᠤᠷᠠᠯ ᠳᠤ ᠤᠷᠤᠬᠤ ᠪᠠᠷ ᠲᠠᠮᠵᠢᠨ | ᠲᠡᠳᠡ ᠠᠰᠠᠭᠤᠳᠠᠯ ᠳᠤ ᠲᠠᠶᠢᠪᠤᠭᠤ ᠬᠠᠨᠳᠤᠵᠤ ᠰᠤᠷᠤᠭᠰᠠᠨ ᠪᠦᠭᠡᠳ ᠦᠷᠦᠪᠴᠢ ᠰᠡᠳᠬᠢᠯ᠂ ᠪᠤᠰᠤᠳ ᠢ | ᠬᠠᠶᠢᠷᠠᠯᠠᠬᠤ ᠰᠡᠳᠬᠢᠯ ᠪᠠ ᠠᠰᠪᠤᠷᠢ ᠴᠠᠭᠠᠪᠤᠷ ᠵᠠᠩ ᠲᠠᠢ ᠪᠤᠯᠵᠤ᠂ ᠪᠤᠯᠪᠠᠰᠤᠷᠠᠯ ᠲᠠᠭᠤᠰᠤᠭᠰᠠᠨ ᠴᠦ ᠬᠦᠨ | ᠪᠤᠲᠤᠯᠭᠠᠰᠢᠷᠠᠬᠤ ᠲᠠᠳᠬᠠᠯ ᠢᠶᠠᠨ ᠪᠠᠷᠢᠮᠲᠠᠯᠠᠨ᠎ᠠ ᠭᠡᠵᠠᠢ᠃ | 7 ᠵᠢᠯ ᠤᠨ ᠲᠠᠷᠠᠭ᠎ᠠ᠂ ᠰᠤᠳᠤᠯᠭᠠᠲᠠᠳ ᠲᠡᠳᠡᠨ ᠤ ᠲᠤᠳᠤᠷᠠᠬᠢ 40 ᠰᠠᠶᠢᠨ ᠲᠤᠷᠠᠴᠢᠨ ᠢ ᠲᠠᠬᠢᠨᠲᠠ | ᠰᠤᠷᠪᠤᠯᠵᠢᠯᠠᠭᠰᠠᠨ ᠪᠠᠶᠢᠨ᠎ᠠ᠃ ᠰᠤᠷᠪᠤᠯᠵᠢᠯᠠᠭ᠎ᠠ ᠶᠢᠨ ᠳ᠋ᠦᠩ ᠳᠤ᠂ 85% ᠶᠢᠨ ᠤᠷᠤᠯᠴᠠᠭᠴᠢ ᠡᠨᠡ ᠬᠦ ᠰᠠᠶᠢᠨ | ᠲᠠᠳᠬᠠᠯ ᠢᠶᠠᠨ ᠪᠠᠷᠢᠮᠲᠠᠯᠠᠵᠤ᠂ ᠡᠳᠤᠷ ᠪᠦᠷᠢ 1 ᠴᠠᠭ ᠠᠴᠠ ᠢᠯᠡᠬᠦᠦ ᠬᠦᠨ ᠪᠤᠲᠤᠯᠭᠠᠰᠢᠷᠠᠲᠠᠭ ᠪᠦᠭᠡᠳ ᠠᠳᠠᠭ ᠲᠠᠭᠠᠨ | ᠨᠢᠭᠡ ᠤᠳᠠᠭ᠎ᠠ ᠬᠦᠨ ᠪᠤᠲᠤᠯᠭᠠᠰᠢᠷᠠᠵᠤ ᠪᠢᠰᠢᠯᠭᠠᠯ ᠬᠢᠬᠦ ᠠᠵᠢᠯᠯᠠᠭ᠎ᠠ ᠳᠤ ᠤᠷᠤᠯᠴᠠᠵᠤ ᠦᠩᠭᠡᠷᠡᠵᠠᠢ᠃ ᠰᠤᠳᠤᠯᠭᠠᠲᠠᠳ | ᠲᠡᠳᠡᠨ ᠤ ᠲᠤᠰᠬᠠᠯ ᠤᠨ ᠬᠤᠷᠳᠤᠴᠠ ᠪᠠ ᠠᠩᠬᠠᠷᠤᠯ ᠤᠨ ᠴᠢᠳᠠᠪᠤᠷᠢ ᠶᠢ ᠲᠠᠬᠢᠨᠲᠠ ᠦᠨᠡᠯᠡᠬᠦ ᠪᠠᠷ ᠲᠠᠮᠵᠢᠨ᠂ | ᠬᠦᠨ ᠪᠤᠲᠤᠯᠭᠠᠰᠢᠷᠠᠬᠤ ᠶᠢ ᠪᠠᠷᠢᠮᠲᠠᠯᠠᠭᠰᠠᠳ ᠤᠨ ᠠᠩᠬᠠᠷᠤᠯ ᠲᠦᠪᠯᠡᠷᠡᠬᠦᠯᠬᠦ ᠲᠠᠭᠠᠭᠠᠮᠠᠭᠠᠢ ᠴᠢᠳᠠᠪᠤᠷᠢ ᠨᠢ ᠨᠠᠰᠤ | ᠠᠬᠢᠬᠤ ᠶᠢ ᠲᠠᠭᠠᠨ ᠪᠠᠭᠤᠷᠠᠭᠰᠠᠨ ᠦᠭᠡᠢ ᠭᠡᠳᠡᠭ ᠢ ᠤᠯᠵᠤ ᠮᠡᠳᠡᠭᠰᠡᠨ ᠪᠠᠶᠢᠨ᠎ᠠ᠃ | ᠰᠤᠳᠤᠯᠭᠠᠲᠠᠳ ᠤᠨ ᠬᠡᠯᠡᠬᠦ ᠪᠠᠷ᠂ ᠬᠦᠨ ᠪᠤᠲᠤᠯᠭᠠᠰᠢᠷᠠᠬᠤ ᠨᠢ ᠲᠠᠷᠢᠬᠢᠨ ᠤ ᠴᠠᠬᠢᠯᠭᠠᠨ ᠲᠤᠯᠬᠢᠶᠠᠨ ᠢ ᠲᠦᠷᠭᠡᠨ | ᠵᠤᠬᠢᠴᠠᠭᠤᠯᠵᠤ᠂ ᠰᠡᠳᠬᠢᠬᠦᠢ ᠶᠢ ᠨᠦᠯᠦᠭᠡᠯᠡᠳᠡᠭ ᠬᠦᠴᠦᠨ ᠵᠦᠢᠯ ᠢ ᠠᠷᠢᠯᠭᠠᠨ᠂ ᠠᠩᠬᠠᠷᠤᠯ ᠲᠦᠪᠯᠡᠷᠡᠬᠦᠯᠬᠦ ᠦᠷᠭᠡᠴᠡ | ᠶᠢ ᠲᠡᠭᠡᠭᠰᠢᠯᠡᠬᠦᠯᠳᠡᠭ ᠮᠦᠷᠲᠡᠭᠡᠨ ᠦᠷᠬᠦᠯᠵᠢ ᠬᠦᠨ ᠪᠤᠲᠤᠯᠭᠠᠰᠢᠷᠠᠲᠠᠭ ᠬᠦᠮᠦᠨ ᠤ ᠲᠠᠷᠢᠬᠢᠨ ᠤ ᠪᠦᠷᠬᠦᠪᠴᠢ ᠶᠢᠨ | ᠠᠳᠤᠷᠢᠶ᠎ᠠ ᠨᠢ ᠨᠡᠩ ᠪᠤᠳᠤᠯᠢᠶᠠᠨᠲᠠᠢ᠂ ᠮᠡᠳᠡᠭᠡ ᠵᠠᠩᠬᠢ ᠰᠢᠢᠳᠪᠤᠷᠢᠯᠡᠬᠦ ᠬᠤᠷᠳᠤᠴᠠ ᠨᠢ ᠨᠡᠩ ᠲᠦᠷᠭᠡᠨ ᠪᠤᠯᠵᠤ᠂ | ᠴᠡᠭᠡᠵᠢᠯᠡᠬᠦ ᠴᠢᠳᠠᠪᠤᠷᠢ᠂ ᠠᠩᠬᠠᠷᠤᠯ ᠲᠦᠪᠯᠡᠷᠡᠬᠦᠯᠬᠦ ᠴᠢᠳᠠᠪᠤᠷᠢ ᠪᠠ ᠰᠡᠳᠬᠢᠬᠦᠢ ᠶᠢᠨ ᠴᠢᠳᠠᠪᠤᠷᠢ ᠨᠢ ᠰᠠᠶᠢᠵᠢᠷᠠᠳᠠᠭ | ᠭᠡᠰᠡᠨ ᠢ ᠢ ᠤᠷᠢᠳᠤᠬᠢ ᠰᠤᠳᠤᠯᠭᠠᠨ ᠨᠢᠭᠡᠨᠲᠡ ᠲᠤᠳᠤᠷᠬᠠᠶᠢᠯᠠᠪᠠ᠃ ᠲᠤᠰ ᠤᠳᠠᠭᠠᠨ ᠤ ᠰᠢᠨ᠎ᠡ ᠢᠯᠡᠷᠡᠬᠦᠯᠦᠯᠲᠡ ᠨᠢ | ᠲᠡᠭᠡᠷᠡᠬᠢ ᠰᠤᠳᠤᠯᠭᠠᠨ ᠤ ᠰᠠᠭᠤᠷᠢᠨ ᠲᠡᠭᠡᠷ᠎ᠡ᠂ ᠬᠦᠨ ᠪᠤᠲᠤᠯᠭᠠᠰᠢᠷᠠᠬᠤ ᠶᠢ ᠪᠠᠷᠢᠮᠲᠠᠯᠠᠬᠤ ᠨᠢ ᠢᠳᠡᠷ ᠦᠳᠡᠯᠦᠭᠡ ᠨᠠᠰᠤᠨ | ᠤ ᠬᠦᠮᠦᠰ ᠤᠨ ᠰᠡᠳᠬᠢᠬᠦᠢ ᠶᠢᠨ ᠴᠢᠳᠠᠪᠤᠷᠢ ᠶᠢ ᠲᠠᠰᠤᠷᠠᠯᠲᠠ ᠦᠭᠡᠢ ᠰᠠᠶᠢᠵᠢᠷᠠᠭᠤᠯᠵᠤ᠂ ᠦᠳᠡᠯᠬᠦ ᠶᠢ ᠪᠦᠲᠦᠮᠵᠢᠲᠠᠢ | ᠬᠤᠷᠢᠭᠯᠠᠵᠤ ᠲᠡᠶᠢᠯᠦᠨ᠎ᠡ ᠭᠡᠳᠡᠭ ᠢ ᠭᠡᠷᠡᠴᠢᠯᠡᠵᠠᠢ᠃ ᠰᠤᠳᠤᠯᠭᠠᠲᠠᠳ ᠬᠠᠮᠢᠶ᠎ᠠ ᠪᠦᠬᠦᠢ ᠰᠤᠳᠤᠯᠭᠠᠨ ᠢᠶᠠᠨ | ᠦᠷᠬᠦᠯᠵᠢᠯᠡᠨ ᠬᠢᠨ᠎ᠡ ᠭᠡᠵᠠᠢ᠃ | |