ᠡᠨᠡ ᠳᠦᠷᠪᠡᠨ ᠵᠦᠢᠯ ᠤᠨ ᠨᠣᠭᠤᠭ᠎ᠠ ᠶᠢ ᠦᠷᠭᠦᠯᠵᠢ ᠢᠳᠡᠪᠡᠯ ᠤᠷᠲᠤ ᠨᠠᠰᠤᠯᠠᠨ᠎ᠠ
ᠨᠡᠶᠢᠲᠡᠯᠡᠭᠰᠡᠨ ᠴᠠᠭ᠄
2018-08-28
   ᠬᠠᠶᠢᠳᠠᠢ ᠨᠣᠭᠤᠬ᠎ᠠ ᠴᠢᠰᠤᠨ ᠤ ᠥᠭᠡᠬᠦ ᠶᠢ ᠪᠠᠭᠤᠷᠠᠭᠤᠯᠤᠨ᠎ᠠ                  ᠬᠠᠶᠢᠳᠠᠢ ᠨᠣᠭᠤᠭ᠎ᠠ ᠳᠤ ᠪᠦᠳᠦᠭᠦᠯᠢᠭ ᠤᠭᠤᠷᠠᠭ᠂ ᠰᠢᠬᠢᠷ᠂ ᠺᠠᠯᠼ ᠵᠡᠷᠭᠡ ᠡᠯᠪᠡᠭ ᠠᠭᠤᠯᠤᠭᠳᠠᠵᠤ᠂   ᠠᠭᠤᠯᠤᠭᠳᠠᠴᠠ ᠨᠢ ᠦᠷᠭᠡᠰᠦᠲᠦ ᠨᠣᠭᠤᠭ᠎ᠠ᠂ ᠰᠢᠯᠢᠮᠳᠡᠭ ᠤᠨ ᠬᠡᠳᠦᠨ ᠳᠠᠬᠢᠨ ᠪᠠᠶᠢᠳᠠᠭ᠃ ᠪᠡᠭᠡᠵᠢᠩ ᠬᠤᠲᠠ ᠶᠢᠨ  ᠬᠢᠲᠠᠳ ᠡᠮ ᠡᠮᠨᠡᠯᠭᠡ ᠶᠢᠨ ᠶᠡᠭᠡ ᠰᠤᠷᠭᠠᠭᠤᠯᠢ ᠶᠢᠨ ᠪᠡᠶ᠎ᠡ ᠰᠤᠪᠢᠯᠠᠬᠤ   ᠲᠠᠰᠤᠭ ᠤᠨ ᠫᠷᠣᠹᠧᠰᠰᠣᠷ ᠵᠠᠩ ᠬᠡᠤ ᠳ᠋ᠧ ᠵᠢᠭᠠᠵᠤ ᠭᠠᠷᠭᠠᠭᠰᠠᠨ ᠨᠢ᠂ ᠬᠠᠶᠢᠳᠠᠢ ᠨᠣᠭᠤᠭ᠎ᠠ ᠳᠤ  ᠠᠭᠤᠯᠤᠭᠳᠠᠬᠤ ᠬᠦᠷᠡᠩ  ᠵᠠᠮᠠᠭ ᠤᠨ ᠬᠦᠴᠢᠯ ᠤᠨ ᠨᠠᠲᠷᠢ ᠨᠢ ᠴᠢᠰᠤᠨ ᠳᠠᠷᠤᠯᠲᠠ ᠶᠢ ᠳᠣᠷᠣᠭᠰᠢᠯᠠᠭᠤᠯᠬᠤ ᠦᠢᠯᠡᠳᠦᠯ ᠲᠠᠢ ᠪᠠᠷ  ᠪᠠᠷᠠᠬᠤ  ᠦᠭᠡᠢ ᠴᠢᠰᠤ ᠴᠠᠶᠢᠬᠤ ᠡᠪᠡᠳᠴᠢᠨ ᠪᠠ ᠶᠠᠰᠤ ᠡᠪᠡᠳᠬᠦ ᠡᠪᠡᠳᠴᠢᠨ ᠢ ᠰᠡᠷᠭᠡᠶᠢᠯᠡᠬᠦ ᠳᠤ ᠪᠠᠰᠠ ᠵᠣᠬᠢᠬᠤ ᠦᠢᠯᠡᠳᠦᠯ ᠲᠠᠢ︔ ᠬᠠᠶᠢᠳᠠᠢ ᠨᠣᠭᠤᠭ᠎ᠠ ᠶᠢᠨ ᠴᠠᠷᠳᠠᠭᠤᠯ ᠨᠢ ᠴᠢᠰᠤᠨ ᠤ  ᠥᠭᠡᠬᠦ ᠶᠢ ᠪᠠᠭᠤᠷᠠᠭᠤᠯᠬᠤ ᠦᠢᠯᠡᠳᠦᠯ ᠲᠠᠢ᠂ ᠯᠤᠭᠰᠢᠭᠤᠨ ᠰᠤᠳᠠᠯ ᠤᠨ ᠬᠠᠲᠠᠭᠤᠵᠢᠯ ᠢ ᠰᠡᠷᠭᠡᠶᠢᠯᠡᠬᠦ ᠪᠠ ᠰᠦᠰᠦᠨ ᠤ ᠭᠤᠨᠠᠨ ᠠᠯᠺᠤᠤᠯ ᠢ ᠪᠠᠭᠤᠷᠠᠭᠤᠯᠬᠤ ᠳᠤ ᠲᠤᠰᠠᠲᠠᠢ᠃ ︵ᠬᠤᠯᠢᠮᠠᠭ  ᠬᠦᠢᠲᠡᠨ  ᠵᠠᠭᠤᠰᠢ  ᠬᠢᠬᠦ  ᠪᠤᠶᠤ ᠱᠦᠯᠦ ᠭᠠᠷᠭᠠᠵᠤ ᠢᠳᠡᠬᠦ ᠨᠢ ᠪᠠᠶᠢᠩᠭᠤ ᠶᠢᠨ ᠢᠳᠡᠬᠦ ᠠᠷᠭ᠎ᠠ ᠪᠤᠯᠪᠠᠴᠤ ᠳᠡᠯᠢᠬᠦᠦ ᠬᠤᠳᠣᠭᠤᠳᠤ ᠶᠢᠨ ᠰᠡᠷᠢᠭᠦᠨ  ᠬᠦᠢᠲᠡᠨ  ᠲᠠᠢ  ᠬᠦᠮᠦᠨ ᠪᠤᠶᠤ ᠵᠢᠷᠮᠦᠰᠦᠨ ᠡᠮᠡᠭᠳᠡᠢ ᠠᠷᠪᠢᠨ ᠢᠳᠡᠵᠦ ᠪᠣᠯᠬᠤ ᠦᠭᠡᠢ᠃︶                    ᠦᠨᠳᠡᠭᠡᠨ ᠮᠥᠭᠦ ᠤᠮᠠᠨ ᠡᠪᠡᠳᠴᠢᠨ ᠢ ᠰᠡᠷᠭᠡᠶᠢᠯᠡᠨ᠎ᠡ                  ᠵᠠᠩ ᠬᠡᠤ ᠳ᠋ᠧ ᠬᠡᠯᠡᠭᠰᠡᠨ ᠨᠢ᠂ ᠥᠨᠳᠡᠭᠡᠨ ᠮᠥᠭᠦ ᠶᠢ ᠠᠷᠠᠳ ᠤᠨ ᠳᠤᠮᠳᠠ ᠶᠡᠷᠦ ᠳᠤ ᠪᠠᠨ ᠲᠣᠯᠣᠭᠠᠢ   ᠡᠪᠡᠳᠬᠦ᠂ ᠲᠣᠯᠣᠭᠠᠢ ᠡᠷᠭᠢᠬᠦ ᠶᠢ ᠵᠠᠰᠠᠬᠤ ᠳᠤ ᠬᠡᠷᠡᠭᠯᠡᠳᠡᠭ᠃  ᠣᠳᠣ  ᠦᠶ᠎ᠡ ᠶᠢᠨ  ᠰᠤᠳᠤᠯᠭᠠᠨ ᠢᠶᠠᠷ ᠳᠠᠮᠵᠢᠨ  ᠥᠨᠳᠡᠭᠡᠨ ᠮᠥᠭᠦ ᠨᠢ ᠬᠦᠮᠦᠨ ᠤ ᠪᠡᠶ᠎ᠡ ᠶᠢᠨ ᠡᠭᠡᠯᠢᠯᠡᠭᠡ ᠶᠢᠨ ᠠᠵᠢᠯᠯᠠᠭ᠎ᠠ ᠶᠢ ᠲᠣᠬᠢᠷᠠᠭᠤᠯᠵᠤ᠂ ᠬᠠᠪᠤᠳᠠᠷ  ᠡᠭᠦᠰᠬᠡᠬᠦ ᠪᠣᠯᠣᠯᠴᠠᠭ᠎ᠠ ᠶᠢ ᠪᠠᠭᠤᠷᠠᠭᠤᠯᠤᠨ᠂ ᠦᠮᠠᠨ ᠢ ᠰᠡᠷᠭᠡᠶᠢᠯᠡᠬᠦ᠂ ᠦᠮᠠᠨ ᠲᠠᠢ ᠲᠡᠮᠡᠴᠡᠬᠦ ᠦᠢᠯᠡᠳᠦᠯ ᠭᠠᠷᠭᠠᠨ᠎ᠠ᠃          ᠣᠶᠢᠮ᠎ᠠ ᠨᠣᠭᠤᠭ᠎ᠠ ᠦᠷᠪᠢᠰᠦᠯ ᠢ ᠠᠷᠢᠯᠭᠠᠨ᠎ᠠ                    ᠵᠠᠩ ᠬᠡᠤ ᠳ᠋ᠧ ᠬᠡᠯᠡᠭᠰᠡᠨ ᠨᠢ᠄ ︽ᠣᠶᠢᠮ᠎ᠠ ᠨᠣᠭᠤᠭ᠎ᠠ ᠳᠤ ᠤᠭᠤᠷᠠᠭ᠂ ᠥᠭᠡᠬᠦ᠂ ᠰᠢᠬᠢᠷ ᠤᠨ  ᠵᠦᠢᠯ᠂   ᠡᠷᠦᠳᠡᠰᠦᠨ ᠪᠤᠳᠠᠰ ᠬᠢᠭᠡᠳ ᠣᠯᠠᠨ ᠵᠦᠢᠯ ᠤᠨ ᠸᠢᠲ᠋ᠠᠮᠢᠨ ᠡᠯᠪᠡᠭ ᠠᠭᠤᠯᠤᠭᠳᠠᠵᠤ᠂ ᠰᠢᠮ᠎ᠡ ᠲᠡᠵᠢᠭᠡᠯ  ᠰᠠᠶᠢᠲᠠᠢ᠃︾  ᠣᠶᠢᠮ᠎ᠠ  ᠨᠣᠭᠤᠭ᠎ᠠ ᠳᠣᠲᠣᠷᠠᠬᠢ ᠣᠶᠢᠮ᠎ᠠ ᠨᠣᠭᠤᠭ᠎ᠠ ᠶᠢᠨ ᠡᠳ᠋ ᠨᠢ ᠪᠠᠺᠲ᠋ᠧᠷᠢ ᠶᠢ ᠬᠤᠷᠢᠬᠯᠠᠬᠤ ᠦᠢᠯᠡᠳᠦᠯ ᠲᠠᠢ ᠮᠦᠷᠲᠡᠭᠡᠨ ᠬᠠᠯᠠᠭᠤᠨ ᠢ ᠠᠷᠢᠯᠭᠠᠬᠤ ᠬᠤᠣᠷ ᠢ ᠲᠠᠶᠢᠯᠬᠤ᠂ ᠪᠠᠺᠲ᠋ᠧᠷᠢ ᠠᠯᠠᠵᠤ  ᠦᠷᠪᠢᠰᠦᠯ ᠢ  ᠳᠠᠷᠤᠬᠤ   ᠳᠤ ᠨᠡᠯᠢᠶᠡᠳ ᠰᠠᠶᠢᠨ ᠦᠢᠯᠡᠳᠦᠯ   ᠲᠠᠢ  ᠪᠠᠶᠢᠵᠦ᠂ ᠬᠠᠯᠠᠭᠤᠷᠠᠬᠤ᠂ ᠨᠠᠮᠤᠰᠤ᠂ ᠶᠠᠷ᠎ᠠ ᠵᠡᠷᠭᠡ ᠡᠪᠡᠳᠴᠢᠨ ᠳᠤ ᠴᠦᠮ  ᠵᠣᠬᠢᠬᠤ ᠡᠮᠨᠡᠨ ᠵᠠᠰᠠᠬᠤ ᠦᠢᠯᠡᠳᠦᠯ ᠲᠠᠢ᠃                  ᠨᠠᠷᠠᠨ ᠨᠣᠭᠤᠭ᠎ᠠ ᠪᠠᠺᠲ᠋ᠧᠷᠢ ᠶᠢ ᠠᠯᠠᠨ᠎ᠠ                  ︽ᠨᠠᠷᠠᠨ ᠨᠣᠭᠤᠭ᠎ᠠ ᠳᠤ ᠤᠭᠤᠷᠠᠭ᠂ ᠥᠭᠡᠬᠦ᠂ ᠰᠢᠬᠢᠷ᠂ ᠪᠦᠳᠦᠭᠦᠯᠢᠭ ᠰᠢᠷᠬᠡᠭᠯᠢᠭ ᠵᠢᠴᠢ ᠺᠠᠯᠼ᠂ ᠹᠣᠰᠹᠣᠷ᠂   ᠲᠡᠮᠦᠷ ᠵᠡᠷᠭᠡ ᠣᠯᠠᠨ ᠵᠦᠢᠯ ᠤᠨ ᠰᠢᠮ᠎ᠡ ᠲᠡᠵᠢᠭᠡᠯᠲᠦ ᠪᠦᠷᠢᠯᠳᠦᠭᠦᠨ ᠠᠭᠤᠯᠤᠭᠳᠠᠬᠤ ᠠᠴᠠ ᠭᠠᠳᠠᠨ᠎ᠠ᠂   ᠲᠡᠭᠦᠨ ᠤ ᠲᠤᠰ ᠪᠡᠶ᠎ᠡ   ᠨᠢ ᠳᠠᠷᠤᠢ ᠮᠠᠰᠢ ᠰᠠᠶᠢᠨ ᠡᠮ ᠤᠨ ᠦᠢᠯᠡᠳᠦᠯ ᠲᠠᠢ ᠶᠤᠮ︾᠃ ᠵᠠᠩ ᠬᠡᠤ ᠳ᠋ᠧ ᠶᠢᠨ ᠬᠡᠯᠡᠬᠦ ᠪᠠᠷ᠂ ᠨᠠᠷᠠᠨ ᠨᠣᠭᠤᠭ᠎ᠠ ᠳᠤ ᠶᠡᠭᠡ ᠬᠡᠮᠵᠢᠶᠡᠨ ᠤ ᠮᠣᠯᠲ᠋ᠢᠭᠦᠷ ᠪᠥᠭᠡᠷ᠎ᠡ ᠶᠢᠨ ᠳᠡᠭᠡᠳᠦ ᠪᠣᠯᠴᠢᠷᠬᠠᠢ ᠶᠢᠨ ᠡᠳ᠋᠂ ᠺᠠᠯᠢ ᠶᠢᠨ ᠳᠠᠪᠤᠰᠤ ᠵᠢᠴᠢ ᠨᠢᠮᠪᠡᠭᠡ ᠶᠢᠨ ᠬᠦᠴᠢᠯ ᠪᠠ ᠠᠯᠮᠤᠷᠠᠳ ᠤᠨ ᠬᠦᠴᠢᠯ  ᠵᠡᠷᠭᠡ  ᠠᠭᠤᠯᠤᠭᠳᠠᠵᠤ᠂ ᠴᠢᠰᠤᠨ ᠰᠢᠬᠢᠷ ᠤᠨ ᠲᠣᠭᠲᠠᠭᠤᠨ ᠪᠠᠶᠢᠳᠠᠯ ᠢ ᠪᠠᠲᠤᠯᠠᠨ᠂ ᠴᠢᠰᠤᠨ ᠳᠠᠷᠤᠯᠲᠠ ᠶᠢ ᠪᠠᠭᠤᠷᠠᠭᠤᠯᠵᠤ᠂ ᠵᠢᠷᠦᠬᠡ ᠶᠢ  ᠬᠠᠮᠠᠭᠠᠯᠠᠬᠤ ᠦᠢᠯᠡᠳᠦᠯ ᠲᠠᠢ᠃    
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2