ᠱᠠᠩᠳᠤ ᠰᠢᠶᠠᠨ ᠤ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠭᠡᠷ ᠪᠦᠯᠢ ᠶᠢ ᠮᠠᠭᠠᠳᠯᠠᠨ ᠳᠤᠭᠳᠠᠭᠠᠬᠤ ᠠᠷᠭ᠎ᠠ
ᠨᠡᠶᠢᠲᠡᠯᠡᠭᠰᠡᠨ ᠴᠠᠭ᠄
2018-08-07
     ︽ᠨᠡᠶᠢᠬᠡᠮ ᠤᠨ ᠠᠪᠤᠷᠠᠨ ᠳᠤᠰᠠᠯᠠᠯᠳᠠ ᠶᠢᠨ ᠲᠦᠷ ᠬᠡᠷᠡᠭᠵᠢᠬᠦᠯᠬᠦ ᠠᠷᠭ᠎ᠠ︾ ︵ᠲᠦᠷᠦ ᠶᠢᠨ ᠶᠠᠪᠤᠳᠠᠯ ᠤᠨ ᠬᠤᠷᠢᠶ᠋ᠨᠨ ᠤ ᠵᠠᠷᠯᠢᠭ 649 ᠳ᠋ᠣᠭᠡᠷ ᠳᠤᠭᠠᠳᠤ︶ ᠶᠢ ᠴᠢᠨᠠᠭᠰᠢᠳᠡ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠲᠦᠷᠢᠮᠵᠢᠯ ᠬᠠᠮᠢᠶᠠᠷᠤᠯᠳᠠ ᠶᠢ ᠴᠢᠩᠭᠠᠳᠬᠠᠵᠤ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠲᠦᠷᠢᠮᠵᠢᠯ ᠬᠠᠮᠢᠶᠠᠷᠤᠯᠳᠠ ᠶᠢ ᠴᠢᠩᠭᠠᠳᠬᠠᠵᠤ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠠᠵᠢᠯ ᠤᠨ ᠢᠯᠡ᠂ ᠭᠤᠤᠯᠴᠢ᠂ ᠲᠦᠪ ᠪᠠᠶᠢᠬᠤ ᠶᠢ ᠠᠬᠢᠭᠤᠯᠵᠤ ᠂ ᠬᠦᠴᠢᠷᠳᠡᠯᠳᠡᠢ ᠤᠯᠠᠨ ᠤ ᠦᠨᠳᠦᠰᠦᠨ ᠠᠮᠢᠳᠤᠷᠠᠯ ᠤᠨ ᠡᠷᠬᠡ ᠠᠰᠢᠭ ᠢ ᠬᠠᠮᠠᠭᠠᠯᠠᠵᠤ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠲᠦᠷᠦ ᠶᠢᠨ ᠪᠤᠳᠤᠯᠭ᠎ᠠ ᠶᠢᠨ ᠦᠷᠬᠦᠯᠵᠢᠯᠡᠨ ᠡᠷᠡᠬᠦᠯ ᠢᠶᠠᠷ ᠬᠦᠭᠵᠢᠬᠦ ᠶᠢ ᠲᠦᠯᠬᠢᠨ ᠠᠬᠢᠭᠤᠯᠬᠤ ᠶᠢᠨ ᠳᠤᠰᠠᠳᠠ᠂ ᠮᠠᠨ ᠤ ᠰᠢᠶᠠᠨ ᠤ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠤᠨ᠂ ᠳᠤᠰ ᠠᠷᠭ᠎ᠠ ᠶᠢ ᠳᠤᠭᠳᠠᠭᠠᠪᠠ᠃      ᠨᠢᠬᠡ᠂ ᠨᠠᠭᠠᠳᠤ ᠵᠠᠬ᠎ᠠ ᠶᠢᠨ ᠪᠠᠳᠤᠯᠠᠭᠠᠨ ᠤ ᠭᠡᠷ ᠪᠦᠯᠢ ᠶᠢ ᠮᠠᠭᠠᠳᠯᠠᠨ ᠳᠤᠭᠳᠠᠭᠠᠬᠤ ᠠᠮᠠ ᠰᠡᠬᠡᠷ ᠢ ᠨᠢᠬᠡᠳᠬᠡᠨ᠎ᠡ      ︵ᠨᠢᠬᠡ︶ ᠨᠠᠭᠠᠳᠤ ᠵᠠᠬ᠎ᠠ ᠶᠢᠨ ᠪᠠᠳᠤᠯᠠᠭᠠᠨ ᠢ ᠭᠤᠶᠤᠴᠢᠯᠠᠬᠤ ᠬᠡᠷ ᠪᠦᠯᠢ ᠶᠢᠨ ᠪᠦᠷᠢᠯᠳᠦᠬᠦᠨ ᠢ ᠮᠠᠭᠠᠳᠯᠠᠨ ᠳᠤᠭᠳᠠᠭᠠᠬᠤ      ᠭᠡᠷ ᠪᠦᠯᠢ ᠶᠢᠨ ᠪᠦᠷᠢᠯᠳᠦᠬᠦᠨ ᠨᠢ ᠡᠷᠬᠡᠪᠰᠢ ᠢᠵᠢᠯᠢ ᠨᠢᠬᠡᠨ ᠡᠷᠦᠬᠡ ᠠᠮᠠ ᠲᠠᠢ ᠤᠷᠳᠤ ᠬᠤᠭᠤᠴᠠᠭ᠎ᠠ ᠪᠠᠷ ᠬᠠᠮᠳᠤ ᠠᠮᠢᠳᠤᠷᠠᠭᠰᠠᠨ ᠳᠤᠤᠷ᠎ᠡ ᠵᠢᠭᠰᠠᠭᠠᠭᠰᠠᠨ ᠪᠦᠷᠢᠯᠳᠦᠬᠦᠨ ᠪᠠᠶᠢᠬᠤ ᠬᠡᠷᠡᠭᠳᠡᠢ᠄ ᠬᠤᠯᠪᠤᠰᠤ᠂ ᠡᠴᠢᠬᠡ ᠡᠬᠡ᠂ ᠨᠠᠰᠤᠨ ᠳᠤ ᠬᠦᠷᠦᠬᠡᠳᠦᠢ ᠦᠷ᠎ᠡ ᠬᠡᠤᠬᠡᠳ᠂ ᠨᠢᠬᠡᠨᠳᠡ ᠨᠠᠰᠤᠨ ᠳᠤ ᠬᠦᠷᠦᠭᠰᠡᠨ ᠪᠤᠯᠪᠠᠴᠦ ᠪᠡᠶ᠎ᠡ ᠪᠠᠨ ᠳᠠᠭᠠᠭᠠᠵᠤ ᠠᠮᠢᠳᠤᠷᠠᠵᠤ ᠴᠢᠳᠠᠬᠤ ᠦᠬᠡᠢ ᠦᠷ᠎ᠡ ᠬᠡᠤᠬᠡᠳ ︵ᠰᠤᠷᠭᠠᠭᠤᠯᠢ ᠳᠤ ᠪᠠᠶᠢᠭ᠎ᠠ ᠵᠢᠩᠬᠢᠨᠢ ᠠᠩᠭᠢ ᠵᠢᠴᠢ ᠳᠡᠬᠦᠨ ᠤ ᠳᠤᠷᠤᠭᠰᠢ ᠰᠤᠷᠤᠯᠭ᠎ᠠ ᠶᠢᠨ ᠨᠠᠮᠳᠠᠷ ᠤᠨ ᠰᠤᠷᠭᠠᠨ ᠬᠦᠮᠦᠵᠢᠯ ᠬᠦᠷᠳᠡᠵᠤ ᠪᠠᠶᠢᠭ᠎ᠠ ᠨᠠᠰᠤᠨ ᠳᠤ ᠬᠦᠷᠦᠭᠰᠡᠨ ᠦᠷ᠎ᠡ ᠬᠡᠤᠬᠡᠳ ᠪᠠᠭᠳᠠᠨ᠎ᠠ︶︔ ᠬᠠᠤᠯᠢ ᠪᠠᠷ ᠳᠤᠭᠳᠠᠭᠠᠭᠰᠠᠨ ᠪᠤᠰᠤᠳ ᠠᠰᠠᠷᠠᠨ ᠳᠡᠵᠢᠬᠡᠬᠦ ᠠᠯᠪᠠᠨ ᠵᠢᠷᠦᠮ ᠤᠨ ᠬᠠᠷᠢᠴᠠᠭ᠎ᠠ ᠲᠠᠢ ᠮᠦᠷᠳᠡᠬᠡᠨ ᠤᠷᠳᠤ ᠬᠤᠭᠤᠴᠠᠭ᠎ᠠ ᠪᠠᠷ ᠬᠠᠮᠳᠤ ᠰᠠᠭᠤᠵᠤ ᠪᠠᠶᠢᠭ᠎ᠠ ᠬᠦᠮᠦᠨ᠃      ︵ᠬᠤᠶᠠᠷ︶ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭᠠᠨ ᠤ ᠭᠤᠤᠯᠳᠠᠯᠭ᠎ᠠ ᠲᠠᠢ ᠪᠠᠳᠤᠯᠠᠬᠤ ᠡᠳᠡᠬᠡᠳ      1. ᠬᠦᠳᠡᠭᠡ ᠳᠤᠰᠬᠤᠨ ᠤ 60 ᠪᠦᠬᠦᠯᠢ ᠨᠠᠰᠤ᠂ ᠬᠤᠳᠠ ᠪᠠᠯᠭᠠᠰᠤᠨ ᠤ 50 ᠪᠦᠬᠦᠯᠢ ᠨᠠᠰᠤᠨ ᠠᠴᠠ ᠳᠡᠭᠡᠭᠰᠢᠬᠢ ᠬᠡᠷ ᠪᠦᠯᠢ ᠪᠠᠷ ᠢᠶᠠᠨ ᠬᠠᠮᠳᠤ ᠠᠮᠢᠳᠤᠷᠠᠵᠤ ᠪᠠᠶᠢᠭ᠎ᠠ ᠪᠦᠷᠢᠯᠳᠦᠬᠦᠨ᠂ ᠬᠦᠮᠦᠨ ᠳᠤᠮᠳᠠᠴᠢ ᠶᠢᠨ ᠤᠷᠤᠯᠭ᠎ᠠ ᠨᠢ ᠳᠤᠰ ᠭᠠᠵᠠᠷ ᠤᠨ ᠬᠠᠮᠤᠭ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭᠠᠨ ᠤ ᠪᠠᠷᠢᠮᠵᠢᠶ᠎ᠠ  ᠠᠴᠠ ᠳᠤᠤᠷ᠎ᠡ ᠮᠦᠷᠳᠡᠬᠡᠨ ᠡᠳ᠋ ᠬᠦᠷᠦᠩᠭᠡ ᠶᠢᠨ ᠪᠠᠶᠢᠳᠠᠯ ᠨᠢ ᠳᠤᠭᠳᠠᠭᠠᠭᠰᠠᠨ ᠨᠦᠬᠦᠴᠡᠯ ᠳᠤ ᠬᠦᠷᠦᠭᠰᠡᠨ ᠭᠡᠷ ᠪᠦᠯᠢ᠃      2. ᠬᠦᠳᠡᠭᠡ ᠳᠤᠰᠬᠤᠨ ᠤ 60 ᠪᠦᠬᠦᠯᠢ ᠨᠠᠰᠤ᠂ ᠬᠤᠳᠠ ᠪᠠᠯᠭᠠᠰᠤᠨ ᠤ 50 ᠪᠦᠬᠦᠯᠢ ᠨᠠᠰᠤᠨ ᠠᠴᠠ ᠳᠤᠷᠤᠭᠰᠢ ᠶᠡᠭᠡ ᠬᠦᠨᠳᠦ ᠡᠪᠡᠳᠴᠢᠨ ᠲᠠᠢ᠂ ᠬᠦᠨᠳᠦ ᠵᠡᠮᠳᠡᠭ ᠪᠤᠯᠤᠭᠰᠠᠨ᠂ ᠤᠶᠤᠨ ᠮᠡᠳᠡᠷᠡᠯ ᠤᠨ ᠡᠪᠡᠳᠴᠢᠨ ᠲᠠᠢ ᠡᠪᠡᠳᠴᠢᠳᠡᠨ᠂ ᠤᠵᠢᠭ ᠡᠪᠡᠳᠴᠢᠨ ᠵᠡᠷᠬᠡ ᠪᠠᠷ ᠬᠢᠨᠠᠨ ᠬᠠᠰᠤᠭᠰᠠᠨ ᠪᠠ ᠪᠠᠳᠤᠯᠠᠭ᠎ᠠ ᠲᠠᠢ ᠵᠠᠷᠤᠯᠭ᠎ᠠ ᠲᠠᠢ ᠬᠦᠮᠦᠨ ᠳᠤᠮᠳᠠᠴᠢ ᠶᠢᠨ ᠤᠷᠤᠯᠭ᠎ᠠ ᠨᠢ ᠳᠤᠰ ᠭᠠᠵᠠᠷ ᠤᠨ ᠬᠠᠮᠤᠭ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭᠠᠨ ᠤ ᠪᠠᠷᠢᠮᠵᠢᠶ᠎ᠠ ᠠᠴᠠ ᠳᠤᠤᠷ᠎ᠡ ᠮᠦᠷᠳᠡᠬᠡᠨ ᠡᠳ᠋ ᠬᠦᠷᠦᠩᠭᠡ ᠶᠢᠨ ᠪᠠᠶᠢᠳᠠᠯ ᠨᠢ ᠳᠤᠭᠳᠠᠭᠰᠠᠨ ᠨᠦᠬᠦᠴᠡᠯ ᠳᠤ ᠨᠡᠶᠢᠴᠡᠭᠰᠡᠨ ᠬᠡᠷ ᠪᠦᠯᠢ᠃      ︵ᠭᠤᠷᠪᠠ︶ ᠨᠠᠭᠠᠳᠤ ᠵᠠᠬ᠎ᠠ ᠶᠢᠨ ᠪᠠᠳᠤᠯᠠᠭᠠᠨ ᠢ ᠭᠤᠶᠤᠴᠢᠯᠠᠭᠰᠠᠨ ᠭᠡᠷ ᠪᠦᠯᠢ ᠶᠢᠨ ᠬᠦᠨᠳᠦ ᠡᠪᠡᠳᠴᠢᠨ᠂ ᠤᠵᠢᠭ ᠡᠪᠡᠳᠴᠢᠨ ᠢ ᠮᠠᠭᠠᠳᠯᠠᠨ ᠳᠤᠭᠳᠠᠭᠠᠬᠤ      1. ᠳᠤᠮᠤ ᠬᠦᠨᠳᠦ ᠡᠪᠡᠳᠴᠢᠨ ᠡᠮᠬᠡᠭ      ︵1︶ ︽︿ᠬᠤᠳᠠ ᠬᠦᠳᠡᠭᠡ ᠶᠢᠨ ᠡᠮᠨᠡᠯᠬᠡ ᠪᠠᠷ ᠠᠪᠤᠷᠠᠨ ᠳᠤᠰᠠᠯᠠᠬᠤ ᠲᠦᠷᠢᠮ ᠢ ᠴᠢᠨᠠᠭᠰᠢᠳᠡ ᠳᠡᠬᠦᠯᠳᠡᠷᠵᠢᠬᠦᠯᠬᠦ ᠳᠤᠬᠠᠢ ᠰᠠᠨᠠᠯ﹀ ᠢ ᠳᠠᠷᠤᠮᠠᠯᠯᠠᠨ ᠳᠠᠷᠬᠠᠭᠠᠬᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠶᠠᠪᠤᠳᠠᠯ ᠤᠨ ᠲᠢᠩᠭᠢᠮ᠂ ᠡᠳ᠋ ᠤᠨ ᠵᠠᠰᠠᠭ ᠤᠨ ᠲᠢᠩᠭᠢᠮ᠂ ᠬᠦᠮᠦᠨ ᠤ ᠡᠬᠢ ᠪᠠᠶᠠᠯᠢᠭ ᠪᠤᠯᠤᠨ ᠨᠡᠶᠢᠬᠡᠮ ᠤᠨ ᠪᠠᠳᠤᠯᠠᠪᠤᠷᠢ ᠶᠢᠨ ᠲᠢᠩᠭᠢᠮ᠂ ᠡᠷᠡᠬᠦᠯ ᠬᠠᠮᠠᠭᠠᠯᠠᠯ ᠤᠨ ᠲᠢᠩᠭᠢᠮ᠂ ᠡᠮᠨᠡᠯᠬᠡ ᠶᠢᠨ ᠦᠬᠡᠷᠡᠴᠢᠯᠡᠯᠳᠡ ᠶᠢᠨ ᠠᠯᠪᠠᠨ ᠭᠡᠷ ᠤᠨ ᠮᠡᠳᠡᠭᠳᠡᠯ︾ ︵ᠦᠪᠦᠷ ᠠᠷᠠᠳ ᠶᠠᠪᠤᠳᠠᠯ ᠨᠡᠶᠢᠬᠡᠮ ᠠᠪᠤᠷᠠᠯᠳᠠ ﹇2013﹈ 210 ᠳ᠋ᠣᠭᠠᠷ ᠳᠤᠭᠠᠳᠤ︶ ᠳᠤ ᠮᠠᠭᠠᠳᠯᠠᠨ ᠳᠤᠭᠳᠠᠭᠠᠭᠰᠠᠨ ᠳᠤᠮᠤ ᠬᠦᠨᠳᠦ ᠡᠪᠡᠳᠴᠢᠨ ᠤ ᠲᠦᠷᠦᠯ᠄ ᠬᠡᠤᠬᠡᠳ  ᠤᠨ ᠲᠦᠷᠭᠡᠨ ᠴᠢᠨᠠᠷ ᠤᠨ ᠴᠢᠰᠤ ᠴᠠᠶᠢᠬᠤ ᠡᠪᠡᠳᠴᠢᠨ᠂ ᠬᠡᠤᠬᠡᠳ ᠤᠨ ᠲᠦᠷᠦᠯᠬᠢ ᠶᠢᠨ ᠵᠢᠷᠦᠬᠡᠨ ᠤ ᠡᠪᠡᠳᠴᠢᠨ᠂ ᠡᠴᠦᠰ ᠰᠡᠬᠦᠯᠴᠢ ᠶᠢᠨ ᠬᠤᠭᠤᠴᠠᠭᠠᠨ ᠤ ᠪᠦᠬᠡᠷ᠎ᠡ ᠶᠢᠨ ᠡᠪᠡᠳᠴᠢᠨ᠂ ᠡᠮᠡᠭᠳᠡᠢ ᠶᠢᠨ ᠰᠠᠪᠠ ᠶᠢᠨ ᠬᠦᠵᠦᠬᠦᠦ ᠶᠢᠨ ᠤᠮᠠᠨ᠂ ᠬᠦᠬᠦ ᠶᠢᠨ ᠪᠦᠯᠴᠢᠷᠬᠠᠢ ᠶᠢᠨ ᠤᠮᠠᠨ᠂ ᠠᠭᠤᠰᠬᠢ ᠶᠢᠨ ᠤᠮᠠᠨ᠂ ᠤᠯᠠᠭᠠᠨ ᠬᠤᠭᠤᠯᠠᠢ ᠶᠢᠨ ᠤᠮᠠᠨ᠂ ᠬᠤᠳᠤᠭᠠᠳᠤᠨ ᠤ ᠤᠮᠠᠨ᠂ ᠬᠤᠳᠤᠷᠢᠩᠬᠠᠢ ᠬᠡᠳᠡᠰᠤᠨ ᠤ ᠤᠮᠠᠨ᠂ ᠬᠤᠰᠬᠢᠨᠠᠭ ᠤᠨ ᠤᠮᠠᠨ ᠵᠡᠷᠬᠡ ᠡᠯᠳᠡᠪ ᠤᠮᠠᠨ ᠡᠪᠡᠳᠴᠢᠨ᠂ ᠬᠦᠨᠳᠦ ᠬᠡᠮᠵᠢᠶᠡᠨ ᠤ ᠤᠶᠤᠨ ᠮᠡᠳᠡᠷᠡᠯ ᠤᠨ ᠡᠪᠡᠳᠴᠢᠨ᠂ ᠠᠶᠢᠽᠢ ᠡᠪᠡᠳᠴᠢᠨ ᠤ ᠳᠤᠬᠢᠶᠠᠯᠳᠤᠯ ᠤᠨ ᠴᠢᠨᠠᠷ ᠪᠦᠬᠦᠢ ᠬᠠᠯᠳᠠᠪᠤᠷᠢᠳᠦ ᠡᠪᠡᠳᠴᠢᠨ᠂ ᠡᠮ ᠳᠤ ᠢᠳᠡᠬᠡᠰᠢᠬᠦ ᠠᠭᠤᠰᠬᠢᠨ ᠤ ᠦᠷᠪᠢᠰᠦᠯ᠂ ᠤᠵᠢᠭ ᠴᠢᠨᠠᠷ ᠤᠨ ᠮᠦᠬᠦᠯᠢᠭ ᠡᠰ ᠤᠨ ᠴᠢᠰᠦ ᠴᠠᠶᠢᠬᠤ ᠡᠪᠡᠳᠴᠢᠨ᠂ ᠲᠦᠷᠭᠡᠨ ᠴᠢᠨᠠᠷ ᠤᠨ ᠵᠢᠷᠦᠬᠡᠨ ᠤ ᠪᠤᠯᠴᠢᠩ ᠤᠨ ᠪᠢᠳᠡᠬᠦᠷᠡᠯ᠂ ᠳᠡᠷᠢᠬᠢᠨ ᠤ ᠪᠢᠳᠡᠬᠦᠷᠡᠯ᠂ ᠠᠭᠤᠰᠬᠢ ᠳᠤᠭᠤᠰᠤᠳᠠᠯ᠂ ᠴᠢᠰᠦ ᠭᠤᠭᠤᠵᠢᠮᠠᠳᠠᠬᠠᠢ ᠡᠪᠡᠳᠴᠢᠨ᠂Ⅰ ᠬᠡᠯᠪᠡᠷᠢ ᠶᠢᠨ ᠰᠢᠬᠢᠷ ᠰᠢᠵᠢᠩ ᠡᠪᠡᠳᠴᠢᠨ᠃      ︵2︶ ᠲᠦᠷᠦ ᠶᠢᠨ ᠪᠤᠳᠤᠯᠭ᠎ᠠ ᠶᠢᠨ ᠳᠤᠬᠢᠷᠠᠭᠤᠯᠤᠯᠳᠠ ᠶᠢ ᠦᠨᠳᠦᠰᠦᠯᠡᠵᠤ᠂ ᠳᠤᠮᠤ ᠬᠦᠨᠳᠦ ᠡᠪᠡᠳᠴᠢᠨ  ᠳᠤ ᠠᠭᠠᠵᠢᠮ ᠢᠶᠠᠷ ᠤᠷᠤᠭᠤᠯᠤᠭᠰᠠᠨ ᠬᠦᠳᠡᠯᠮᠦᠷᠢᠯᠡᠬᠦ ᠴᠢᠳᠠᠪᠤᠷᠢ ᠪᠠᠨ ᠠᠯᠳᠠᠭᠰᠠᠨ ᠪᠦᠬᠡᠳ ᠡᠮᠨᠡᠯᠬᠡ ᠶᠢᠨ ᠰᠦᠢᠳᠬᠡᠯ ᠤᠨ ᠳᠠᠭᠠᠳᠬᠠᠯ ᠤᠨ ᠳᠠᠩᠰᠠ ᠴᠠᠶᠢᠯᠭᠠᠭᠰᠠᠨ ᠤ ᠳᠠᠷᠠᠭ᠎ᠠ ᠦᠪᠡᠷᠳᠡᠬᠡᠨ ᠭᠠᠷᠭᠠᠬᠤ ᠰᠦᠢᠳᠬᠡᠯ ᠨᠢ 3 ᠲᠦᠮᠡᠨ ᠳᠦᠬᠦᠷᠢᠭ ᠠᠴᠠ ᠳᠡᠭᠡᠭᠰᠢᠬᠢ ᠪᠤᠰᠤᠳ ᠡᠪᠡᠳᠴᠢᠨ ᠤ ᠲᠦᠷᠦᠯ᠃      2. ᠡᠬᠦᠳᠡᠨ ᠡᠮᠨᠡᠯᠬᠡ ᠶᠢᠨ ᠤᠨᠴᠠ ᠤᠵᠢᠭ ᠡᠪᠡᠳᠴᠢᠨ      ︵1︶ ︽︿ᠤᠯᠠᠭᠠᠨᠴᠠᠪ ᠬᠤᠳᠠ ᠶᠢᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮᠨᠡᠯᠬᠡ ᠶᠢᠨ ᠳᠠᠭᠠᠳᠬᠠᠯ ᠤᠨ ᠬᠠᠮᠢᠶᠠᠷᠤᠯᠳᠠ ᠶᠢᠨ ᠲᠦᠷ  ᠬᠡᠷᠡᠭᠵᠢᠬᠦᠯᠬᠦ ᠠᠷᠭ᠎ᠠ ᠪᠤᠯᠤᠨ ᠤᠯᠠᠭᠠᠨᠴᠠᠪ ᠬᠤᠳᠠ ᠶᠢᠨ ᠳᠤᠮᠤ ᠬᠦᠨᠳᠦ ᠡᠪᠡᠳᠴᠢᠨ ᠤ ᠡᠮᠨᠡᠯᠬᠡ ᠶᠢᠨ ᠳᠠᠭᠠᠳᠬᠠᠯ ᠤᠨ ᠬᠠᠮᠢᠶᠠᠷᠤᠯᠳᠠ ᠶᠢᠨ ᠲᠦᠷ ᠬᠡᠷᠡᠭᠵᠢᠬᠦᠯᠬᠦ ᠠᠷᠭ᠎ᠠ﹀ ᠳᠠᠷᠤᠮᠠᠯᠯᠠᠨ ᠶᠠᠪᠤᠭᠤᠯᠬᠤ ᠳᠤᠬᠠᠢ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠬᠡᠷ ᠤᠨ ᠮᠡᠳᠡᠭᠳᠡᠯ︾ ︵ᠤᠯᠠᠭᠠᠨᠴᠠᠪ ᠵᠠᠰᠠᠭ ᠠᠯᠪᠠᠨ ᠳᠠᠷᠬᠠᠭᠠᠭᠰᠠᠨ ﹇2017﹈ 14 ᠳ᠋ᠣᠭᠠᠷ ᠳᠤᠭᠠᠳᠤ︶ ᠳᠤ ᠮᠠᠭᠠᠳᠯᠠᠨ ᠳᠤᠭᠳᠠᠭᠠᠭᠰᠠᠨ ᠡᠬᠦᠳᠡᠨ ᠡᠮᠨᠡᠯᠬᠡ ᠶᠢᠨ ᠤᠨᠴᠠ ᠤᠵᠢᠭ ᠡᠪᠡᠳᠴᠢᠨ ᠤ ᠲᠦᠷᠦᠯ᠄ ᠡᠷᠬᠡᠳᠡᠨ ᠤ ᠰᠢᠯᠵᠢᠬᠦᠯᠬᠦ ᠮᠠᠰᠠ ᠵᠠᠰᠠᠯ ᠬᠢᠭᠰᠡᠨ ᠤ ᠳᠠᠷᠠᠭ᠎ᠠ ᠬᠤᠤᠯᠳᠤ ᠤᠰᠤᠨ ᠬᠠᠪᠤᠩ ︵ᠴᠢᠰᠦ ᠴᠠᠶᠢᠬᠤ ᠡᠪᠡᠳᠴᠢᠨ ᠪᠠᠭᠳᠠᠨ᠎ᠠ︶ ᠤᠨ ᠰᠠᠴᠤᠷᠠᠭ ᠵᠠᠰᠠᠯ ᠬᠢᠮᠢ ᠶᠢᠨ ᠵᠠᠰᠠᠯ᠂ ᠴᠢᠰᠦ ᠭᠤᠭᠤᠵᠢᠮᠠᠳᠠᠬᠠᠢ ᠡᠪᠡᠳᠴᠢᠨ᠂ ᠳᠤᠮᠳᠠ ᠴᠢᠮᠦᠬᠡ  ᠶᠢᠨ ᠦᠬᠦᠵᠢᠯ ᠢ ᠡᠮ ᠢᠶᠠᠷ ᠵᠠᠰᠠᠬᠤ᠂ ᠳᠠᠬᠢᠨ ᠤᠷᠭᠤᠬᠤ ᠰᠠᠭᠠᠳᠠᠯ ᠤᠨ ᠴᠢᠨᠠᠷᠳᠤ ᠴᠢᠰᠦᠨ ᠪᠠᠭᠠᠳᠤᠯ᠂ ᠬᠦᠨᠳᠦ ᠪᠤᠯᠴᠢᠩ ᠤᠨ ᠬᠦᠴᠦ ᠦᠬᠡᠶᠢᠷᠡᠯ᠂ ᠠᠯᠴᠧᠶ᠋ᠢᠮᠧᠷ ᠡᠪᠡᠳᠴᠢᠨ ︵ᠦᠳᠡᠯᠦᠭᠰᠡᠳ ᠤᠨ ᠮᠠᠨᠠᠭ ᠡᠪᠡᠳᠴᠢᠨ︶᠂ ᠡᠯᠢᠬᠡᠨ ᠤ ᠬᠠᠳᠠᠭᠤᠷᠠᠯ ︵ᠨᠠᠩᠰᠢᠮᠡᠯ ᠦᠬᠡᠶᠢᠳᠡᠬᠦ ᠬᠤᠭᠤᠴᠠᠭ᠎ᠠ︶᠂ ᠪᠦᠬᠡᠷᠡᠨ ᠡᠪᠡᠳᠴᠢᠨ ᠤ ᠶᠡᠷᠦᠩᠭᠡᠢ ᠰᠢᠨᠵᠢ᠂ ᠤᠵᠢᠭ ᠴᠢᠨᠠᠷᠳᠤ ᠸᠢᠷᠦᠰ ᠤᠨ ᠡᠯᠢᠬᠡᠨ ᠤ ᠦᠷᠪᠢᠰᠦᠯ᠂ ᠰᠢᠬᠢᠷ ᠰᠢᠵᠢᠩ ᠡᠪᠡᠳᠴᠢᠨ ᠤ ᠨᠡᠶᠢᠯᠡᠮᠡᠯ ᠡᠬᠦᠰᠬᠦ ᠰᠢᠨᠵᠢ ︵ᠵᠢᠷᠦᠬᠡ᠂ ᠨᠢᠳᠦ᠂ ᠪᠦᠬᠡᠷ᠎ᠡ︶ ᠶᠢᠨ ᠨᠢᠬᠡ ︵ᠨᠤᠶᠢᠷ ᠤᠨ ᠠᠷᠠᠯ ᠤᠨ ᠡᠳ᠋ ᠢᠶᠠᠷ ᠡᠮᠨᠡᠨ᠎ᠡ︶᠂ ᠵᠢᠷᠦᠬᠡᠨ ᠲᠢᠳᠢᠮ  ᠤᠨ ᠡᠪᠡᠳᠴᠢᠨ ᠤ ᠳᠤᠯᠬᠤ ᠴᠠᠬᠤ᠂ ᠬᠦᠰᠢᠷᠡᠬᠦᠯᠬᠦ ᠵᠠᠰᠠᠯ ᠬᠢᠯᠬᠡᠭᠰᠡᠨ ᠤ ᠳᠠᠷᠠᠭ᠎ᠠ︶᠂ ᠫᠠᠷᠬᠢᠨᠰᠤᠨ ᠲᠦᠷᠦᠯ ᠤᠨ ᠡᠪᠡᠳᠴᠢᠨ᠂ ᠲᠦᠷᠦᠯᠬᠢ ᠶᠢᠨ ᠵᠢᠷᠦᠬᠡᠨ ᠤ ᠡᠪᠡᠳᠴᠢᠨ᠂ ᠲᠦᠷᠭᠡᠨ ᠴᠢᠨᠠᠷ ᠤᠨ ᠳᠠᠷᠢᠬᠢᠨ ᠤ ᠰᠤᠳᠠᠯ ᠤᠨ ᠡᠪᠡᠳᠴᠢᠨ ᠤ ᠤᠷᠬᠠᠭ᠂ ᠰᠢᠰᠲ᠋ᠧᠮ ᠤᠨ ᠴᠢᠨᠠᠷᠳᠠᠢ ᠤᠯᠠᠭᠠᠨ ᠳᠤᠯᠪᠤᠳᠤ ᠴᠢᠨ᠋ᠸ᠎ᠠ ᠶᠢᠨ ᠶᠠᠷ᠎ᠠ᠂ ᠠᠯᠠᠭ ᠮᠠᠷᠢᠶ᠎ᠠ᠂ ᠦᠬᠡᠷ ᠢᠯᠳᠦ᠂ ᠬᠡᠷᠦᠯᠢᠭ ᠴᠢᠨᠠᠷᠳᠠᠢ ᠦᠶ᠎ᠡ ᠬᠡᠰᠢᠬᠦᠨ ᠤ ᠦᠷᠪᠢᠰᠦᠯ᠂ ᠰᠢᠰᠲ᠋ᠧᠮ ᠤᠨ ᠴᠢᠨᠠᠷᠳᠠᠢ ᠬᠠᠳᠠᠭᠤᠷᠠᠯ ᠤᠨ ᠡᠪᠡᠳᠴᠢᠨ᠂ ᠬᠡᠷᠦᠬᠦ ᠴᠢᠨᠠᠷᠳᠤ ᠵᠢᠷᠦᠬᠡᠨ ᠤ ᠡᠪᠡᠳᠴᠢᠨ᠂ ᠰᠦᠷᠢᠶ᠎ᠡ ᠡᠪᠡᠳᠴᠢᠨ ᠤ ᠬᠦᠳᠡᠯᠦᠯᠳᠡ ᠶᠢᠨ ᠬᠤᠭᠤᠴᠠᠭ᠎ᠠ᠂ ᠬᠠᠷᠰᠢᠮᠠᠳᠠᠭᠠᠢ ᠴᠢᠨᠠᠷᠳᠠᠢ ᠪᠤᠷᠤ ᠳᠤᠯᠪᠤᠳᠤ ᠴᠢᠰᠦᠨ ᠡᠪᠡᠳᠴᠢᠨ᠂ ᠴᠢᠰᠦᠨ ᠳᠠᠷᠤᠯᠳᠠ ᠦᠨᠳᠦᠷ  ᠤᠨ ᠭᠤᠷᠪᠠᠳᠤᠭᠠᠷ ᠳᠡᠰ ᠤᠨ ᠦᠨᠳᠦᠷ ᠠᠶᠦᠯ ᠪᠠ ᠦᠨᠳᠦᠷ ᠠᠶᠦᠯ ᠠᠴᠠ ᠳᠡᠭᠡᠭᠰᠢ᠂ ᠤᠵᠢᠭ ᠴᠢᠨᠠᠷᠳᠠᠢ ᠠᠭᠤᠰᠬᠢᠨ ᠤ ᠴᠢᠨᠠᠷᠳᠤ ᠵᠢᠷᠦᠬᠡᠨ ᠤ ᠡᠪᠡᠳᠴᠢᠨ᠂ ᠵᠢᠷᠦᠬᠡᠨ ᠪᠤᠯᠴᠢᠩ ᠤᠨ ᠡᠪᠡᠳᠴᠢᠨ᠂ ᠳᠠᠷᠢᠬᠢᠨ ᠤ ᠰᠤᠳᠠᠯ ᠤᠨ ᠳᠤᠯᠬᠤ ᠴᠠᠬᠤ ᠵᠠᠰᠠᠯ ᠬᠢᠯᠬᠡᠭᠰᠡᠨ ᠤ ᠳᠠᠷᠠᠭ᠎ᠠ᠂ ᠤᠵᠢᠭ ᠴᠢᠨᠠᠷᠳᠠᠢ ᠲᠦᠭᠵᠢᠮᠡᠯ ᠴᠢᠨᠠᠷᠳᠤ ᠠᠭᠤᠰᠬᠢᠨ ᠤ ᠬᠡᠢ ᠬᠠᠪᠤᠩ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠳᠠᠪᠠᠷᠠᠬᠤ ᠬᠡᠮ ︵ᠪᠠᠭᠤᠷᠠᠬᠤ︶᠂ ᠰᠢᠬᠢᠷ ᠰᠢᠵᠢᠩ ᠡᠪᠡᠳᠴᠢᠨ ᠢ ᠨᠤᠶᠢᠷ ᠤᠨ ᠠᠷᠠᠯ ᠤᠨ ᠡᠳ᠋ ᠪᠤᠰᠤ ᠪᠠᠷ ᠡᠮᠨᠡᠬᠦ᠂ ᠰᠠᠯᠪᠤᠷᠢ ᠮᠦᠬᠡᠷᠰᠤᠨ ᠬᠤᠭᠤᠯᠠᠢ ᠶᠢᠨ ᠦᠷᠪᠢᠰᠦᠯ ᠤᠨ ᠬᠢᠷᠬᠢᠷ᠎ᠡ᠂ ᠤᠵᠢᠭ ᠴᠢᠨᠠᠷᠳᠠᠢ ᠪᠦᠬᠡᠷ᠎ᠡ ᠶᠢᠨ ᠦᠷᠪᠢᠰᠦᠯ᠂ ᠡᠮ ᠳᠤ ᠢᠳᠡᠬᠡᠰᠢᠬᠦ ᠦᠷᠪᠢᠰᠦᠯ ᠤᠨ ᠡᠪᠡᠳᠴᠢᠨ᠂ ᠪᠦᠬᠡᠷᠡᠨ ᠤ ᠠᠵᠢᠯᠯᠠᠭ᠎ᠠ ᠶᠢᠨ ᠳᠤᠷᠤᠶᠢᠳᠠᠯ ︵ᠴᠢᠰᠦ ᠪᠠᠷ ᠨᠡᠪᠴᠢᠬᠦᠯᠦᠨ ᠢᠯᠭᠠᠷᠠᠭᠤᠯᠬᠤ᠂ ᠴᠠᠭᠠᠨ ᠴᠤᠷᠤᠢ ᠪᠠᠷ ᠨᠡᠪᠴᠢᠬᠦᠯᠦᠨ ᠢᠯᠠᠭᠠᠷᠠᠭᠤᠯᠬᠤ︶᠂ ᠪᠷᠦ᠋ᠼᠧᠯ ᠡᠪᠡᠳᠴᠢᠨ᠂ ᠤᠶᠤᠨ ᠮᠠᠳᠡᠷᠡᠯ ᠰᠠᠷᠨᠢᠬᠤ ᠡᠪᠡᠳᠴᠢᠨ᠂ ᠬᠤᠤᠰ ᠴᠢᠭᠯᠡᠯᠳᠤ ᠰᠡᠳᠬᠢᠯᠬᠡ ᠶᠢᠨ ᠰᠠᠭᠠᠳ᠂ ᠵᠦᠷᠢᠬᠦᠳ ᠴᠢᠨᠠᠷ ᠤᠨ ᠤᠶᠤᠨ ᠮᠡᠳᠡᠷᠡᠯ ᠤᠨ ᠡᠪᠡᠳᠴᠢᠨ᠂ ᠰᠡᠳᠬᠢᠯᠬᠡ ᠶᠢᠨ ᠰᠠᠭᠠᠳ  ᠢ ᠵᠠᠳᠠᠷᠠᠭᠤᠯᠬᠤ᠂ ᠠᠯᠠᠭ ᠮᠠᠷᠢᠶ᠎ᠠ ᠡᠪᠡᠳᠴᠢᠨ ᠠᠴᠠ ᠪᠤᠯᠤᠭᠰᠠᠨ ᠤᠶᠤᠨ ᠮᠡᠳᠡᠷᠡᠯ ᠤᠨ ᠰᠠᠭᠠᠳ᠂ ᠬᠦᠨᠳᠦ ᠨᠤᠴᠢᠳᠡᠢ ᠤᠶᠤᠨ ᠮᠡᠳᠡᠷᠡᠯ ᠤᠨ ᠪᠤᠶᠢᠵᠢᠯᠳᠡ ᠤᠳᠠᠭᠠᠨ ᠤᠶᠤᠨ ᠮᠡᠳᠡᠷᠡᠯ ᠤᠨ ᠡᠪᠡᠳᠴᠢᠨ᠃      ︵2︶ ᠲᠦᠷᠦ ᠶᠢᠨ ᠪᠤᠳᠤᠯᠭ᠎ᠠ ᠶᠢᠨ ᠳᠤᠬᠢᠷᠠᠭᠤᠯᠤᠯᠳᠠ ᠶᠢ ᠦᠨᠳᠦᠰᠦᠯᠡᠵᠤ᠂ ᠡᠮᠨᠡᠯᠬᠡ ᠶᠢᠨ ᠳᠠᠭᠠᠳᠬᠠᠯ  ᠤᠨ ᠡᠬᠦᠳᠡᠨ ᠡᠮᠨᠡᠯᠬᠡ ᠶᠢᠨ ᠬᠦᠨᠳᠦ ᠡᠪᠡᠳᠴᠢᠨ ᠪᠠ ᠤᠵᠢᠭ ᠡᠪᠡᠳᠴᠢᠨ ᠳᠤ ᠠᠭᠠᠵᠢᠮ ᠢᠶᠠᠷ ᠤᠷᠤᠭᠤᠯᠤᠭᠰᠠᠨ ᠪᠤᠰᠤᠳ ᠡᠪᠡᠳᠴᠢᠨ ᠤ ᠲᠦᠷᠦᠯ᠃      ︵ᠲᠦᠷᠪᠡ︶ ᠨᠠᠭᠠᠳᠤ ᠵᠠᠬ᠎ᠠ ᠶᠢᠨ ᠪᠠᠳᠤᠯᠠᠪᠤᠷᠢ ᠶᠢᠨ ᠬᠡᠷ ᠪᠦᠯᠢ ᠶᠢᠨ ᠵᠡᠮᠳᠡᠭ ᠢ ᠮᠠᠭᠠᠳᠯᠠᠨ ᠳᠤᠭᠳᠠᠭᠠᠬᠤ      ᠵᠡᠮᠳᠡᠭᠴᠤᠳ ᠤᠨ ᠬᠤᠯᠪᠤᠭ᠎ᠠ ᠶᠢᠨ ᠰᠠᠯᠠᠭ᠎ᠠ ᠮᠦᠴᠢᠷ ᠤᠨ ᠬᠠᠷᠭᠤᠭᠤᠯᠤᠨ ᠤᠯᠭᠤᠭᠰᠠᠨ ᠰᠢᠨ᠎ᠡ ᠬᠡᠪᠯᠡᠯ ᠤᠨ ︽ᠵᠡᠮᠳᠡᠭ ᠤᠨ ᠦᠨᠡᠮᠯᠡᠯ︾ ᠢ ᠦᠨᠳᠦᠰᠦᠯᠡᠵᠤ᠂ ᠤᠨᠴᠠᠭᠠᠢ ᠰᠢᠯᠳᠠᠭᠠᠨ ᠠᠴᠠ ᠵᠡᠮᠳᠡᠭ ᠤᠨ ᠦᠨᠡᠮᠯᠡᠯ ᠠᠪᠤᠭᠠᠳᠤᠢ ᠪᠤᠯ᠂ ᠳᠤᠰ ᠬᠦᠮᠦᠨ ᠪᠤᠶᠤ ᠬᠠᠷᠠᠭᠠᠯᠵᠠᠨ ᠬᠠᠮᠠᠭᠠᠯᠠᠭᠴᠢ ᠠᠴᠠ ᠰᠢᠶᠠᠨ ᠤ ᠵᠡᠮᠳᠡᠭᠴᠤᠳ ᠤᠨ ᠬᠤᠯᠪᠤᠭ᠎ᠠ ᠳᠤ ᠵᠡᠮᠳᠡᠭ ᠤᠨ ᠦᠨᠡᠮᠯᠡᠯ ᠢ ᠨᠦᠬᠦᠵᠤ ᠠᠪᠬᠤ ᠪᠤᠶᠤ ᠵᠡᠮᠳᠡᠭ ᠬᠦᠮᠦᠨ ᠬᠡᠷᠡᠴᠢ ᠭᠠᠷᠭᠠᠭᠤᠯᠵᠤ ᠪᠤᠯᠤᠨ᠎ᠠ᠃ ᠵᠡᠮᠳᠡᠭ ᠤᠨ ᠦᠨᠡᠮᠯᠡᠯ ᠠᠪᠤᠭᠰᠠᠨ ᠦᠬᠡᠢ ᠪᠤᠯᠪᠠᠴᠤ ᠦᠨᠡᠨ ᠵᠡᠮᠳᠡᠭ ᠪᠠᠶᠢᠵᠤ᠂ ᠰᠢᠶᠠᠩ ᠪᠠᠯᠭᠠᠰᠤ ᠪᠠ ᠳᠤᠰᠬᠤᠨ ᠤ ᠵᠦᠪᠯᠡᠯ ᠨᠢ ᠡᠷᠦᠬᠡ ᠳᠤ ᠬᠦᠷᠴᠦ ᠪᠠᠶᠢᠴᠠᠭᠠᠵᠤ᠂ ᠵᠦᠯᠡᠯᠴᠡᠵᠤ᠂ ᠨᠡᠶᠢᠳᠡᠯᠡᠭᠡᠳ ᠤᠨᠳᠤᠤ ᠰᠠᠨᠠᠯ ᠦᠬᠡᠢ ᠪᠤᠯ ᠤᠷᠢᠳᠡᠪᠡᠷ ᠵᠡᠮᠳᠡᠭ  ᠢᠶᠠᠷ ᠮᠠᠭᠠᠳᠯᠠᠨ ᠳᠤᠭᠳᠠᠭᠠᠵᠤ᠂ ᠨᠢᠬᠡ ᠵᠢᠯ ᠤᠨ ᠴᠠᠭ ᠬᠤᠭᠤᠴᠠᠭ᠎ᠠ ᠦᠭᠴᠦ ᠰᠢᠶᠠᠩ ᠪᠠᠯᠭᠠᠰᠤ ᠪᠠᠷ ᠬᠠᠪᠰᠤᠷᠤᠭᠤᠯᠤᠨ ᠶᠠᠳᠠᠭᠤ ᠬᠦᠴᠢᠷᠳᠡᠯ ᠲᠠᠢ ᠤᠯᠠᠨ ᠲᠦᠮᠡᠨ ᠳᠤ ᠵᠡᠮᠳᠡᠭ ᠤᠨ ᠦᠨᠡᠮᠯᠡᠯ ᠤᠯᠭᠤᠨ᠎ᠠ︔ ᠵᠡᠮᠳᠡᠭ ᠤᠨ ᠦᠨᠡᠮᠯᠡᠯ ᠲᠠᠢ᠂ ᠭᠡᠪᠡᠴᠦ ᠪᠤᠳᠠᠳᠤ ᠪᠠᠶᠢᠳᠠᠯ ᠲᠠᠢ ᠨᠡᠶᠢᠴᠡᠭᠰᠡᠨ ᠦᠬᠡᠢ ᠪᠤᠯ᠂ ᠰᠢᠶᠠᠩ ᠪᠠᠯᠭᠠᠰᠤ ᠳᠤᠰᠬᠤᠨ ᠤ ᠠᠷᠠᠳ ᠤᠨ ᠵᠦᠪᠯᠡᠯ ᠤᠨ ᠪᠠᠶᠢᠴᠠᠭᠠᠯᠳᠠ ᠬᠢᠨᠠᠨ ᠳᠤᠭᠳᠠᠭᠠᠯᠳᠠ᠂ ᠨᠡᠶᠢᠳᠡᠯᠡᠯ ᠢᠶᠠᠷ ᠳᠠᠮᠵᠢᠭᠤᠯᠵᠤ ᠬᠦᠳᠡᠯᠮᠦᠷᠢ ᠬᠦᠴᠦᠨ ᠤ ᠢᠯᠡᠳᠬᠡᠮᠵᠢ ᠶᠢ ᠳᠤᠳᠤᠷᠬᠠᠢ ᠳᠤᠭᠳᠠᠭᠠᠬᠤ ᠪᠤᠶᠤ ᠵᠡᠮᠳᠡᠭᠴᠦᠳ ᠤᠨ ᠬᠤᠯᠪᠤᠭ᠎ᠠ ᠪᠠᠷ ᠳᠠᠮᠵᠢᠭᠤᠯᠤᠨ ᠵᠡᠮᠳᠡᠭ ᠤᠨ ᠳᠡᠰ ᠵᠡᠷᠬᠡ ᠶᠢ ᠳᠤᠭᠳᠠᠭᠠᠭᠰᠠᠨ ᠤ ᠳᠠᠷᠠᠭ᠎ᠠ ᠳᠠᠬᠢᠵᠤ ᠬᠦᠳᠡᠯᠮᠦᠷᠢ ᠬᠦᠴᠦᠨ ᠤ ᠢᠯᠡᠳᠬᠡᠮᠵᠢ ᠶᠢ ᠳᠤᠳᠤᠷᠬᠠᠢ ᠳᠤᠭᠳᠠᠭᠠᠨ᠎ᠠ᠃      ︵ᠳᠠᠪᠤ︶ ᠬᠦᠮᠦᠨ ᠡᠷᠦᠬᠡ ᠶᠢᠨ ᠰᠠᠯᠤᠯᠳᠠ ᠶᠢᠨ ᠮᠠᠭᠠᠳᠯᠠᠨ ᠳᠤᠭᠳᠠᠭᠠᠯᠳᠠ      ᠮᠠᠨ ᠤ ᠰᠢᠶᠠᠨ ᠬᠠᠷᠢᠶᠠᠨ ᠳᠤᠳᠤᠷ᠎ᠡ ᠰᠠᠭᠤᠭ᠎ᠠ ᠪᠤᠯ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭ᠎ᠠ ᠶᠢ ᠭᠤᠶᠤᠴᠢᠯᠠᠬᠤ ᠦᠶᠡᠰ᠂ ︽ᠭᠠᠳᠠᠨ᠎ᠠ ᠪᠠᠶᠢᠴᠠᠭᠠᠯᠳᠠ ᠬᠠᠮᠵᠢᠨ ᠪᠠᠶᠢᠴᠠᠭᠠᠯᠳᠠ ᠶᠢᠨ ᠵᠠᠬᠢᠳᠡᠯ︾ ᠢ ᠭᠠᠷᠭᠠᠵᠤ ᠦᠭᠬᠦ ᠴᠢᠬᠤᠯᠠ ᠦᠬᠡᠢ᠂ ᠬᠡᠷ ᠪᠦᠯᠢ ᠶᠢᠨ ᠠᠵᠤ ᠠᠬᠤᠢ ᠶᠢᠨ ᠪᠠᠶᠢᠳᠠᠯ ᠢ ᠡᠷᠦᠬᠡ ᠠᠮᠠ ᠶᠢᠨ ᠭᠠᠵᠠᠷ  ᠤᠨ ᠰᠢᠶᠠᠩ ᠪᠠᠯᠭᠠᠰᠤ ᠪᠠ ᠠᠷᠠᠳ ᠤᠨ ᠶᠠᠪᠤᠳᠠᠯ ᠤᠨ ᠳᠤᠪᠴᠢᠶ᠎ᠠ ᠠᠴᠠ ᠬᠠᠮᠳᠤᠷᠠᠨ ᠬᠠᠷᠭᠤᠭᠤᠯᠤᠨ ᠪᠠᠶᠢᠴᠠᠭᠠᠵᠤ᠂ ᠰᠠᠭᠤᠭ᠎ᠠ ᠭᠠᠵᠠᠷ ᠤᠨ ᠬᠢᠨᠢ ᠰᠢᠶᠠᠩ ᠪᠠᠯᠭᠠᠰᠤ ᠬᠠᠪᠰᠤᠷᠤᠨ ᠬᠠᠮᠵᠢᠯᠴᠠᠨ᠎ᠠ᠃      ᠮᠠᠨ ᠤ ᠰᠢᠶᠠᠨ ᠤ ᠠᠴᠠ ᠭᠠᠳᠠᠨ᠎ᠠ ᠭᠠᠵᠠᠷ ᠤᠷᠤᠨ ᠳᠤ ᠤᠷᠳᠤ ᠬᠤᠭᠤᠴᠠᠭ᠎ᠠ ︵6 ᠰᠠᠷ᠎ᠡ ᠠᠴᠠ ᠳᠡᠬᠡᠭᠰᠢ︶ ᠰᠠᠭᠤᠭ᠎ᠠ ᠪᠤᠯ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭ᠎ᠠ ᠶᠢ ᠭᠤᠶᠤᠴᠢᠯᠠᠬᠤ ᠦᠶᠡᠰ᠂ ᠡᠷᠬᠡᠪᠰᠢ ᠳᠤᠰ ᠬᠦᠮᠦᠨ ᠨᠢ ᠰᠠᠭᠤᠭ᠎ᠠ ᠭᠠᠵᠠᠷ ᠤᠨ ᠳᠤᠰᠬᠤᠨ ᠤ ᠠᠷᠠᠳ ᠤᠨ ᠵᠦᠪᠯᠡᠯ᠂ ᠰᠢᠶᠠᠩ ᠪᠠᠯᠭᠠᠰᠤ᠂ ᠰᠢᠶᠠᠨ ᠤ ᠱᠠᠲᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠲᠤ ᠬᠦᠷᠴᠦ ︽ᠤᠯᠠᠭᠠᠨᠴᠠᠪ ᠬᠤᠳᠠ ᠶᠢᠨ ᠨᠠᠭᠠᠳᠤ ᠵᠠᠬ᠎ᠠ  ᠶᠢᠨ ᠪᠠᠳᠤᠯᠠᠭᠠᠨ ᠤ ᠡᠳᠡᠭᠡᠳ ᠤᠨ ᠬᠦᠮᠦᠨ ᠡᠷᠦᠬᠡ ᠰᠠᠯᠤᠭᠰᠠᠨ ᠤᠨᠳᠤᠤ ᠭᠠᠵᠠᠷ ᠲᠠᠬᠢ ᠬᠠᠷᠭᠤᠭᠤᠯᠤᠨ ᠪᠠᠶᠢᠴᠠᠭᠠᠯᠳᠠ ᠶᠢᠨ ᠬᠦᠰᠦᠨᠦᠭ︾ ᠢ ᠦᠨᠡᠨ ᠢᠶᠠᠷ ᠳᠠᠭᠯᠠᠵᠤ᠂ ᠳᠤᠭᠳᠠᠮᠠᠯ ᠤᠷᠤᠯᠭ᠎ᠠ ᠲᠠᠢ ᠪᠤᠯ᠂ ᠤᠷᠤᠯᠭ᠎ᠠ ᠶᠢᠨ ᠬᠡᠷᠡᠴᠢᠯᠡᠯᠳᠡ ᠪᠠᠷ ᠳᠠᠭᠯᠠᠨ᠎ᠠ᠃ ᠳᠤᠭᠳᠠᠮᠠᠯ ᠤᠷᠤᠯᠭ᠎ᠠ ᠦᠬᠡᠢ ᠪᠤᠯ᠂ ᠳᠤᠰ ᠭᠠᠵᠠᠷ ᠤᠨ ᠳᠡᠬᠡᠷ᠎ᠡ ᠵᠢᠯ ᠤᠨ ᠬᠠᠮᠤᠭ  ᠤᠨ ᠳᠤᠤᠷ᠎ᠡ ᠴᠠᠯᠢᠩ ᠤᠨ ᠪᠠᠷᠢᠮᠵᠢᠶ᠎ᠠ ᠪᠠᠷ ᠤᠷᠤᠯᠭ᠎ᠠ ᠶᠢ ᠨᠢ ᠪᠤᠳᠤᠨ᠎ᠠ᠃      ᠮᠠᠨ ᠤ ᠰᠢᠶᠠᠨ ᠤ ᠡᠷᠦᠬᠡ ᠠᠮᠠ ᠲᠠᠢ ᠭᠡᠷ ᠪᠦᠯᠢ ᠪᠠᠶᠢᠭᠠᠳ ᠬᠡᠪᠡᠴᠦ ᠤᠷᠳᠤ ᠬᠤᠭᠤᠴᠠᠭ᠎ᠠ ᠪᠠᠷ ᠭᠠᠳᠠᠨ᠎ᠠ ᠰᠠᠭᠤᠭ᠎ᠠ ᠪᠤᠯ᠂ ᠬᠦᠳᠡᠭᠡ ᠳᠤᠰᠬᠤᠨ ᠤ ᠡᠷᠦᠬᠡ ᠠᠮᠠ ᠲᠠᠢ ᠬᠡᠷ ᠪᠦᠯᠢ ᠶᠢᠨ ᠪᠦᠷᠢᠯᠳᠦᠬᠦᠨ ᠨᠢ 60 ᠪᠦᠬᠦᠯᠢ ᠨᠠᠰᠤᠨ ᠠᠴᠠ ᠳᠤᠷᠤᠭᠰᠢ ︵ᠬᠤᠳᠠ ᠪᠠᠯᠭᠠᠰᠤ 50 ᠪᠦᠬᠦᠯᠢ ᠨᠠᠰᠤᠨ ᠠᠴᠠ ᠳᠤᠷᠤᠭᠰᠢ︶ ᠬᠦᠨᠳᠦ ᠵᠡᠮᠳᠡᠭ᠂ ᠤᠨᠴᠠ ᠬᠦᠨᠳᠦ ᠡᠪᠡᠳᠴᠢᠨ᠂ ᠤᠵᠢᠭ ᠡᠪᠡᠳᠴᠢᠨ ᠦᠬᠡᠢ ᠶᠢ ᠨᠢ ᠴᠦᠮ ᠮᠠᠭᠠᠳᠯᠠᠨ ᠳᠤᠭᠳᠠᠭᠠᠵᠤ ᠪᠤᠯᠬᠤ ᠦᠬᠡᠢ᠃      ︵ᠵᠢᠷᠭᠤᠭ᠎ᠠ︶ ᠠᠵᠢᠯ ᠤᠨ ᠪᠠᠶᠢᠷᠢ ᠠᠴᠠ ᠪᠠᠭᠤᠭᠰᠠᠨ ᠠᠵᠢᠯᠳᠠᠨ ᠠᠵᠢᠯᠴᠢᠨ ᠤ ᠮᠠᠭᠠᠳᠯᠠᠨ ᠳᠤᠭᠳᠠᠭᠠᠯᠳᠠ      ᠠᠵᠢᠯ ᠤᠯᠭᠤᠯᠳᠠ ᠶᠢᠨ ᠳᠤᠪᠴᠢᠶᠠᠨ ᠤ ᠠᠵᠢᠯ ᠤᠯᠤᠭᠰᠠᠨ ᠠᠵᠢᠯ ᠤᠨ ᠪᠠᠶᠢᠷᠢ ᠠᠴᠠ ᠪᠠᠭᠤᠭᠰᠠᠨ ᠨᠡᠷ᠎ᠡ  ᠶᠢᠨ ᠪᠦᠷᠢᠳᠬᠡᠯ ᠪᠠ ᠨᠡᠶᠢᠬᠡᠮ ᠤᠨ ᠪᠠᠳᠤᠯᠠᠪᠤᠷᠢ ᠶᠢᠨ ᠳᠤᠪᠴᠢᠶᠠᠨ ᠤ ᠠᠵᠢᠯ ᠤᠨ ᠪᠠᠶᠢᠷᠢ ᠠᠴᠠ ᠪᠠᠭᠤᠵᠤ ᠰᠦᠢᠳᠬᠡᠯ ᠳᠤᠰᠢᠶᠠᠵᠤ ᠠᠵᠢᠯ ᠤᠨ ᠠᠮᠠᠷᠠᠯᠳᠠ ᠪᠠᠨ ᠠᠪᠬᠤ ᠪᠠᠷ ᠪᠠᠶᠢᠭ᠎ᠠ ᠬᠦᠮᠦᠰ ᠤᠨ ᠨᠡᠷ᠎ᠡ ᠶᠢᠨ ᠪᠦᠷᠢᠳᠬᠡᠯ  ᠢᠶᠠᠷ ᠪᠠᠷᠢᠮᠵᠢᠶ᠎ᠠ ᠪᠤᠯᠭᠠᠨ᠎ᠠ᠃ ᠨᠡᠷ᠎ᠡ ᠶᠢᠨ ᠪᠦᠷᠢᠳᠬᠡᠯ ᠳᠤ ᠳᠠᠩᠰᠠᠯᠠᠭᠰᠠᠨ ᠮᠡᠳᠡᠭᠡ ᠵᠠᠩᠭᠢ ᠪᠤᠯ᠂ ᠤᠤᠯ ᠳᠠᠩᠰᠠ ᠡᠪᠬᠡᠮᠡᠯ ᠪᠤᠯᠤᠨ ᠠᠵᠢᠯ ᠤᠯᠭᠤᠯᠳᠠ ᠶᠢᠨ ᠳᠤᠪᠴᠢᠶ᠎ᠠ᠂ ᠨᠡᠶᠢᠬᠡᠮ ᠤᠨ ᠪᠠᠳᠤᠯᠠᠪᠤᠷᠢ ᠶᠢᠨ ᠳᠤᠪᠴᠢᠶᠠᠨ ᠤ ᠳᠤᠭᠳᠠᠭᠠᠯᠳᠠ ᠪᠠᠷ ᠪᠠᠷᠢᠮᠵᠢᠶ᠎ᠠ ᠪᠤᠯᠭᠠᠨ᠎ᠠ᠃      ︵ᠳᠤᠯᠤᠭ᠎ᠠ︶ ᠪᠤᠰᠤᠳ ᠪᠠᠶᠢᠳᠠᠯ ᠤᠨ ᠮᠠᠭᠠᠳᠯᠠᠨ ᠳᠤᠭᠳᠠᠭᠠᠯᠳᠠ      1. ᠬᠡᠷ ᠪᠦᠯᠢ ᠶᠢᠨ ᠪᠦᠷᠢᠯᠳᠦᠬᠦᠨ ᠨᠢ ᠡᠷᠦᠬᠡ ᠠᠮᠠ ᠦᠬᠡᠢ ᠪᠠᠶᠢᠭᠠᠳ ᠬᠡᠪᠡᠴᠦ ᠤᠷᠳᠤ ᠬᠤᠭᠤᠴᠠᠭ᠎ᠠ ᠪᠠᠷ ᠮᠠᠨ ᠤ ᠰᠢᠶᠠᠨ ᠳᠤ ᠰᠠᠭᠤᠭ᠎ᠠ ᠪᠤᠯ ᠬᠡᠷ ᠪᠦᠯᠢ ᠶᠢᠨ ᠬᠢᠨᠢ ᠪᠦᠷᠢᠯᠳᠦᠬᠦᠨ ᠢᠶᠠᠷ ᠪᠤᠳᠤᠵᠤ᠂ ᠤᠷᠤᠯᠭ᠎ᠠ ᠶᠢᠨ ᠳᠤᠭᠠᠴᠠᠭ᠎ᠠ ᠨᠢ ᠨᠦᠬᠦᠴᠡᠯ ᠳᠤ ᠬᠦᠷᠦᠭᠰᠡᠨ ᠪᠤᠯ ᠨᠠᠭᠠᠳᠤ ᠵᠠᠬ᠎ᠠ ᠶᠢᠨ ᠪᠠᠳᠤᠯᠠᠭ᠎ᠠ ᠳᠤ ᠤᠷᠤᠭᠤᠯᠤᠨ᠎ᠠ᠃      2. ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭ᠎ᠠ ᠶᠢ ᠭᠤᠶᠤᠴᠢᠯᠠᠬᠤ ᠦᠶᠡᠰ᠂ ᠭᠤᠶᠤᠴᠢᠯᠠᠭᠴᠢ ᠵᠤᠷᠢᠭᠤᠳᠠ ᠬᠡᠷ ᠪᠦᠯᠢ ᠶᠢᠨ ᠪᠦᠷᠢᠯᠳᠦᠬᠦᠨ᠂ ᠠᠷᠠᠴᠢᠯᠠᠨ᠂ ᠡᠷᠬᠦᠨ᠂ ᠦᠷᠡᠴᠢᠯᠡᠨ ᠳᠡᠵᠢᠬᠡᠬᠦ ᠬᠦᠮᠦᠨ ᠤ ᠤᠷᠤᠯᠭ᠎ᠠ ᠡᠳ᠋ ᠬᠦᠷᠦᠩᠭᠡ ᠶᠢᠨ ᠪᠠᠶᠢᠳᠠᠯ ᠢ ᠬᠠᠩᠭᠠᠬᠤ ᠦᠬᠡᠢ ᠪᠤᠯ᠂ ᠰᠢᠶᠠᠩ ᠪᠠᠯᠭᠠᠰᠤ ᠨᠢ ᠡᠷᠦᠬᠡ ᠳᠤ ᠬᠦᠷᠴᠦ ᠪᠠᠶᠢᠴᠠᠭᠠᠵᠤ᠂ ᠬᠢᠨᠠᠨ ᠳᠤᠭᠳᠠᠭᠠᠬᠤ ᠪᠠᠷ ᠢᠯᠡᠷᠡᠬᠦᠯᠦᠭᠰᠡᠨ ᠤ ᠳᠠᠷᠠᠭ᠎ᠠ᠂ ᠭᠤᠶᠤᠴᠢᠯᠠᠭᠰᠠᠨ ᠡᠳᠦᠷ ᠠᠴᠠ ᠨᠢ ᠡᠬᠢᠯᠡᠨ᠂ 3 ᠰᠠᠷ᠎ᠡ ᠶᠢᠨ ᠳᠤᠳᠤᠷ᠎ᠡ ᠨᠡᠶᠢᠬᠡᠮ ᠤᠨ ᠠᠪᠤᠷᠠᠨ ᠳᠤᠰᠠᠯᠠᠯᠳᠠ ᠶᠢ ᠳᠠᠬᠢᠵᠤ ᠭᠤᠶᠤᠴᠢᠯᠠᠵᠤ ᠪᠤᠯᠬᠤ ᠦᠬᠡᠢ︔ ᠭᠤᠶᠤᠴᠢᠯᠠᠭᠴᠢ ᠵᠤᠷᠢᠭᠤᠳᠠ ᠬᠤᠳᠠᠯ ᠬᠠᠭᠤᠷᠮᠠᠭ ᠬᠡᠷᠡᠴᠢᠯᠡᠭᠰᠡᠨ ᠮᠠᠲ᠋ᠧᠷᠢᠶᠠᠯ ᠬᠠᠩᠭᠠᠵᠤ ᠳᠠᠭᠠᠳᠬᠠᠯ ᠳᠤ ᠤᠷᠤᠬᠤ ᠶᠢ ᠮᠡᠬᠡᠯᠡᠭᠰᠡᠨ ᠪᠤᠯ᠂ ︽ᠨᠡᠶᠢᠬᠡᠮ ᠤᠨ ᠠᠪᠤᠷᠠᠨ ᠳᠤᠰᠠᠯᠠᠯᠳᠠ ᠶᠢᠨ ᠲᠦᠷ ᠬᠡᠷᠡᠭᠵᠢᠬᠦᠯᠬᠦ ᠠᠷᠭ᠎ᠠ︾ ᠤᠨ ᠬᠠᠮᠢᠶ᠎ᠠ ᠪᠦᠬᠦᠢ ᠳᠤᠭᠳᠠᠭᠠᠯ ᠢ ᠦᠨᠳᠦᠰᠦᠯᠡᠵᠤ᠂ ᠭᠤᠶᠤᠴᠢᠯᠠᠭᠰᠠᠨ ᠡᠳᠦᠷ ᠠᠴᠠ ᠨᠢ ᠡᠬᠢᠯᠡᠨ 2 ᠵᠢᠯ ᠤᠨ ᠳᠤᠳᠤᠷ᠎ᠡ ᠨᠡᠶᠢᠬᠡᠮ ᠤᠨ ᠠᠪᠤᠷᠠᠨ ᠳᠤᠰᠠᠯᠠᠯᠳᠠ ᠶᠢ ᠳᠠᠬᠢᠵᠤ ᠭᠤᠶᠤᠴᠢᠯᠠᠵᠤ ᠪᠤᠯᠬᠤ ᠦᠬᠡᠢ᠃ ᠳᠡᠬᠡᠷᠡᠬᠢ ᠬᠤᠶᠠᠷ ᠵᠦᠢᠯ ᠤᠨ ᠦᠢᠯᠡ ᠠᠵᠢᠯᠯᠠᠭ᠎ᠠ ᠲᠠᠢ ᠬᠦᠮᠦᠨ ᠤ ᠨᠡᠷᠡᠰ ᠢ ᠳᠡᠬᠦᠨ ᠤ ᠪᠠᠶᠢᠭ᠎ᠠ ᠰᠢᠶᠠᠩ ᠪᠠᠯᠭᠠᠰᠤ᠂ ᠳᠤᠰᠬᠤᠨ ᠤ ᠠᠷᠠᠳ ᠤᠨ ᠵᠦᠪᠯᠡᠯ ᠳᠤ ᠨᠡᠶᠢᠳᠡᠯᠡᠨ᠎ᠡ᠃      ︵ᠨᠠᠢᠮᠠ︶ ᠳᠤᠤᠷ᠎ᠡ ᠵᠢᠭᠰᠠᠭᠠᠭᠰᠠᠨ ᠪᠠᠶᠢᠳᠠᠯ ᠤᠨ ᠨᠢᠬᠡ ᠨᠢ ᠪᠠᠶᠢᠬᠤ ᠬᠡᠷ ᠪᠦᠯᠢ ᠶᠢ ᠮᠠᠭᠠᠳᠯᠠᠨ ᠳᠤᠭᠳᠠᠭᠠᠬᠤ ᠦᠬᠡᠢ      1. ᠳᠤᠭᠳᠠᠭᠠᠯ ᠶᠤᠰᠤᠭᠠᠷ ᠭᠤᠶᠤᠴᠢᠯᠠᠯ ᠳᠤᠷᠠᠳᠤᠭᠰᠠᠨ ᠦᠬᠡᠢ᠂ ᠬᠠᠮᠢᠶ᠎ᠠ ᠪᠦᠬᠦᠢ ᠦᠨᠡᠮᠯᠡᠯ᠂ ᠬᠡᠷᠡᠴᠢ ᠶᠢ ᠤᠯᠭᠤᠭᠰᠠᠨ ᠦᠬᠡᠢ ᠪᠤᠶᠤ ᠦᠨᠡᠮᠯᠡᠯ᠂ ᠭᠡᠷᠡᠴᠢ ᠤᠯᠭᠤᠭᠰᠠᠨ ᠨᠢ ᠬᠦᠢᠴᠡᠳ ᠪᠤᠰᠤ᠃      2. ᠠᠮᠠᠯᠠᠬᠤ ᠦᠬᠡᠢ᠂ ᠬᠠᠮᠵᠢᠯᠴᠠᠬᠤ ᠦᠬᠡᠢ ᠪᠤᠶᠤ ᠡᠷᠬᠡ ᠤᠯᠭᠤᠭᠰᠠᠨ ᠠᠵᠢᠯᠯᠠᠭᠴᠢ ᠤᠨ ᠬᠠᠤᠯᠢ ᠶᠤᠰᠤᠭᠠᠷ ᠳᠡᠬᠦᠨ ᠤ ᠬᠡᠷ ᠪᠦᠯᠢ ᠶᠢᠨ ᠠᠵᠤ ᠠᠬᠤᠢ ᠶᠢᠨ ᠪᠠᠶᠢᠳᠠᠯ ᠳᠤ ᠬᠠᠷᠭᠤᠭᠤᠯᠳᠠ ᠬᠢᠬᠦ ᠶᠢ ᠨᠢ ᠨᠠᠶᠢᠳᠠᠬᠤ ᠦᠬᠡᠢ᠂ ᠬᠡᠷ ᠪᠦᠯᠢ ᠶᠢᠨ ᠦᠨᠡᠨ ᠪᠤᠳᠠᠳᠠᠢ ᠤᠷᠤᠯᠭ᠎ᠠ ᠪᠠ ᠡᠳ᠋ ᠬᠦᠷᠦᠩᠭᠡ ᠵᠢᠴᠢ ᠦᠷ᠎ᠡ ᠬᠡᠤᠬᠡᠳ ᠤᠨ ᠪᠠᠶᠢᠳᠠᠯ ᠢ ᠳᠠᠯᠳᠠᠯᠠᠬᠤ᠂ ᠬᠤᠳᠠᠯ ᠬᠠᠭᠤᠷᠮᠠᠭ ᠬᠡᠷᠡᠴᠢ ᠬᠠᠩᠭᠠᠬᠤ ᠪᠤᠶᠤ ᠡᠳ᠋ ᠬᠦᠷᠦᠩᠭᠡ ᠪᠠᠨ  ᠰᠢᠯᠵᠢᠬᠦᠯᠦᠭᠰᠡᠨ︔      3. ᠬᠡᠷ ᠪᠦᠯᠢ ᠶᠢᠨ ᠪᠦᠷᠢᠯᠳᠦᠬᠦᠨ ᠨᠢ ᠨᠠᠰᠤᠵᠢᠯ ᠤᠨ ᠮᠦᠩᠭᠦ᠂ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠤᠨ ᠠᠮᠠᠷᠠᠯᠳᠠ ᠠᠪᠤᠭᠰᠠᠨ ᠮᠦᠩᠭᠦ᠂ ᠠᠵᠢᠯ ᠠᠴᠠ ᠪᠠᠭᠤᠭᠰᠡᠳ ᠤᠨ ᠠᠮᠢᠳᠤᠷᠠᠯ ᠤᠨ ᠮᠦᠩᠭᠦ᠂ ᠨᠦᠭᠴᠢᠭᠰᠡᠳ ᠤᠨ ᠬᠡᠷ ᠪᠦᠯᠢ ᠶᠢᠨ ᠨᠦᠬᠦᠪᠦᠷᠢ ᠶᠢᠨ ᠮᠦᠩᠭᠦ᠂ ᠴᠠᠯᠢᠩ ᠤᠨ ᠴᠢᠨᠠᠷᠳᠠᠢ ᠤᠷᠤᠯᠭ᠎ᠠ ᠵᠡᠷᠬᠡ ᠳᠤᠭᠳᠠᠮᠠᠯ ᠤᠷᠤᠯᠭ᠎ᠠ ᠲᠠᠢ ᠮᠦᠷᠳᠡᠬᠡᠨ ᠬᠡᠷ ᠪᠦᠯᠢ ᠰᠠᠷ᠎ᠡ ︵ᠵᠢᠯ︶ ᠶᠢᠨ ᠬᠦᠮᠦᠨ ᠳᠤᠮᠳᠠᠴᠢ ᠶᠢᠨ ᠤᠷᠤᠯᠭ᠎ᠠ ᠨᠢ ᠨᠠᠭᠠᠳᠤ ᠵᠠᠬ᠎ᠠ ᠶᠢᠨ ᠪᠠᠳᠤᠯᠠᠭᠠᠨ ᠤ ᠪᠠᠷᠢᠮᠵᠢᠶ᠎ᠠ ᠠᠴᠠ ᠦᠨᠳᠦᠷ ᠪᠤᠯᠤᠭᠰᠠᠨ᠃      4. ᠬᠤᠳᠠ ᠪᠠᠯᠭᠠᠰᠤᠨ ᠤ ᠬᠡᠷ ᠪᠦᠯᠢ ᠳᠡᠭᠡᠨ ᠬᠤᠶᠠᠷ ᠠᠴᠠ ᠳᠡᠭᠡᠭᠰᠢ ᠤᠷᠤᠨ ᠰᠠᠭᠤᠴᠠ ᠪᠤᠶᠤ ᠳᠠᠩ ᠢᠵᠢ ᠠᠰᠠᠷ ᠨᠢ 120 ᠳᠡᠭᠰᠢ ᠳᠦᠷᠪᠡᠯᠵᠢᠨ ᠮᠧᠲᠷ ᠠᠴᠠ ᠬᠡᠳᠦᠷᠡᠭᠰᠡᠨ︔ ᠬᠦᠳᠡᠭᠡ ᠳᠤᠰᠬᠤᠨ ᠤ ᠬᠡᠷ ᠪᠦᠯᠢ ᠳᠡᠭᠡᠨ ᠬᠤᠶᠠᠷ ᠠᠴᠠ ᠳᠡᠬᠡᠭᠰᠢ ᠤᠷᠤᠨ ᠰᠠᠭᠤᠴᠠ ᠲᠠᠢ ᠮᠦᠷᠳᠡᠬᠡᠨ ᠬᠡᠷ ᠢᠶᠠᠨ ᠲᠦᠷᠢᠶᠡᠰᠦᠯᠡᠭᠰᠡᠨ ᠪᠤᠶᠤ ᠨᠢᠬᠡ ᠤᠷᠤᠨ ᠰᠠᠭᠤᠴᠠ ᠨᠢ 150 ᠳᠡᠭᠰᠢ ᠳᠦᠷᠪᠡᠯᠵᠢᠨ ᠮᠧᠲᠷ ᠠᠴᠠ ᠬᠡᠳᠦᠷᠡᠭᠰᠡᠨ︔ ᠬᠡᠷ ᠪᠦᠯᠢ ᠳᠡᠭᠡᠨ ᠬᠤᠳᠠᠯᠳᠤᠭᠠᠨ ᠤ ᠬᠡᠷᠡᠭᠯᠡᠬᠡᠨ ᠤ ᠬᠡᠷ ᠲᠠᠢ︔      5. ᠠᠵᠤ ᠦᠢᠯᠡᠳᠪᠦᠷᠢ ᠬᠤᠳᠠᠯᠳᠤᠭᠠᠨ ᠤ ᠳᠠᠩᠰᠠᠯᠠᠭᠰᠠᠨ ᠳᠡᠪᠳᠡᠷ ᠲᠠᠢ ᠪᠠ ᠠᠵᠤ ᠦᠢᠯᠡᠳᠪᠦᠷᠢ ᠬᠤᠳᠠᠯᠳᠤᠭᠠᠨ ᠤ ᠳᠠᠩᠰᠠᠯᠠᠭᠰᠠᠨ ᠳᠡᠪᠳᠡᠷ ᠦᠬᠡᠢ ᠪᠠᠶᠢᠭᠠᠳ ᠦᠷᠬᠦᠯᠵᠢ ᠬᠦᠯᠦᠰᠦᠨ ᠠᠵᠢᠯᠴᠢᠨ ᠵᠠᠷᠤᠵᠤ ᠡᠵᠡᠩᠨᠡᠯᠳᠡ ᠶᠢᠨ ᠠᠵᠢᠯᠯᠠᠭ᠎ᠠ ᠡᠷᠬᠢᠯᠡᠭᠰᠡᠨ᠃      6. ᠬᠡᠷ ᠪᠦᠯᠢ ᠳᠡᠭᠡᠨ ᠬᠡᠷᠡᠭᠯᠡᠬᠡᠨ ᠪᠤᠶᠤ ᠡᠵᠡᠩᠨᠡᠯᠳᠡ ᠶᠢᠨ ᠴᠢᠨᠠᠷᠳᠠᠢ ᠮᠠᠰᠢᠨ ᠬᠦᠳᠡᠯᠬᠡᠬᠦᠷ ᠳᠡᠷᠬᠡ ᠲᠠᠢ᠃      7. ᠬᠡᠪᠴᠢᠶᠡᠵᠢᠯ ᠲᠠᠢ ᠳᠠᠷᠢᠮᠡᠯ ᠳᠡᠵᠢᠬᠡᠪᠦᠷᠢ ᠶᠢᠨ ᠳᠤᠮᠤ ᠡᠷᠦᠬᠡ᠃ ᠳᠠᠷᠢᠮᠠᠯ ᠳᠡᠵᠢᠬᠡᠪᠦᠷᠢ ᠶᠢᠨ ᠦᠢᠯᠡᠰ  ᠤᠨ ᠯᠠᠪᠯᠠᠬᠤ ᠪᠠᠷᠢᠮᠵᠢᠶ᠎ᠠ ᠨᠢ᠄ ᠳᠠᠷᠢᠶ᠎ᠠ 50 ᠮᠤ᠋᠂ ᠵᠢᠮᠢᠰ ᠤᠨ ᠬᠦᠷᠢᠶᠡᠯᠡᠩ 30 ᠮᠤ᠋᠂ ᠢᠳᠡᠰᠢᠨ ᠨᠤᠭᠤᠭ᠎ᠠ 5 ᠮᠤ᠋᠂ ᠳᠤᠮᠤ ᠫᠧᠩ 2 ᠮᠤ᠋︔ ᠮᠠᠯ ᠠᠵᠤ ᠠᠬᠤᠢ ᠶᠢᠨ ᠯᠠᠪᠯᠠᠬᠤ ᠪᠠᠷᠢᠮᠵᠢᠶ᠎ᠠ ᠨᠢ᠄ ᠬᠤᠨᠢ 50᠂ ᠮᠤᠷᠢ ᠯᠠᠭᠤᠰᠠ ᠡᠯᠵᠢᠬᠡ ᠦᠬᠡᠷ 5᠂ ᠭᠠᠭ᠋ᠠᠢ 10᠂ ᠭᠡᠷ ᠤᠨ ᠵᠢᠬᠦᠷᠳᠡᠨ 100᠃      8. ᠳᠤᠮᠤ ᠬᠡᠯᠪᠡᠷᠢ ᠶᠢᠨ ᠳᠠᠷᠢᠶᠠᠯᠠᠩ ᠤᠨ ᠪᠠᠭᠠᠵᠢ ᠮᠠᠰᠢᠨ ᠡᠵᠡᠩᠨᠡᠭᠰᠡᠨ᠃ ᠬᠡᠷ ᠪᠦᠯᠢ ᠳᠡᠭᠡᠨ ᠳᠤᠮᠤ ᠬᠡᠯᠪᠡᠷᠢ ᠶᠢᠨ ᠬᠤᠯᠪᠤᠭᠠᠳᠤ ᠬᠠᠳᠤᠵᠤ ᠬᠤᠷᠢᠶᠠᠬᠤ ᠮᠠᠰᠢᠨ ᠲᠠᠢ︔ ᠬᠡᠷ ᠪᠦᠯᠢ ᠳᠡᠭᠡᠨ 50 ᠮᠤᠷᠢᠨ ᠬᠦᠴᠦ ︵50 ᠮᠤᠷᠢᠨ ᠬᠦᠴᠦ ᠪᠠᠭᠳᠠᠨ᠎ᠠ︶ ᠠᠴᠠ ᠳᠡᠬᠡᠭᠰᠢ ᠳᠠᠷᠢᠶᠠᠯᠠᠩ ᠤᠨ ᠮᠠᠰᠢᠨ ᠪᠠᠭᠠᠵᠢ ᠲᠠᠢ︔ ᠬᠡᠷ ᠪᠦᠯᠢ ᠳᠡᠭᠡᠨ 2 ᠠᠴᠠ ᠳᠡᠭᠡᠭᠰᠢ ᠳᠠᠩ ᠭᠠᠭᠴᠠ 20 ᠮᠤᠷᠢᠨ ᠬᠦᠴᠦ ᠠᠴᠠ ᠳᠠᠪᠠᠭᠰᠠᠨ ᠮᠠᠰᠢᠨ ᠬᠦᠳᠡᠯᠬᠡᠬᠦᠷᠳᠦ ᠳᠠᠷᠢᠶᠠᠯᠠᠩ ᠤᠨ ᠬᠡᠷᠡᠭᠯᠡᠬᠡᠨ ᠤ ᠭᠤᠷᠪᠠᠨ ᠬᠦᠷᠳᠦᠳᠦ ᠳᠡᠷᠬᠡ᠂ ᠳᠦᠷᠪᠡᠨ ᠬᠦᠷᠳᠦᠳᠦ ᠲᠷᠠᠺᠲ᠋ᠤᠷ ᠲᠠᠢ︔ ᠭᠡᠷ ᠪᠦᠯᠢ ᠶᠢᠨ ᠬᠢᠨᠢ ᠳᠠᠷᠢᠶᠠᠯᠠᠩ ᠤᠨ ᠬᠡᠷᠡᠭᠯᠡᠬᠡᠨ ᠤ ᠳᠡᠷᠬᠡ ᠵᠢᠴᠢ ᠳᠠᠷᠢᠶᠠᠯᠠᠩ ᠤᠨ ᠮᠠᠰᠢᠨ ᠪᠠᠭᠠᠵᠢ ᠶᠢ ᠬᠤᠳᠠᠯᠳᠤᠨ ᠠᠪᠤᠭᠰᠠᠨ ᠦᠨ᠎ᠡ ᠬᠠᠩᠰᠢ ᠨᠢ ᠨᠡᠶᠢᠳᠡ ᠵᠤᠬᠢᠬᠤ ᠬᠡᠮᠵᠢᠶᠡᠨ ᠤ ᠮᠦᠩᠭᠦᠨ ᠤ ᠳᠤᠭ᠎ᠠ ᠠᠴᠠ ᠬᠡᠳᠦᠷᠡᠭᠰᠡᠨ︔ ᠬᠡᠷ ᠪᠦᠯᠢ ᠶᠢᠨ ᠬᠢᠨᠢ ᠳᠠᠷᠢᠶᠠᠯᠠᠩ ᠤᠨ ᠬᠡᠷᠡᠭᠯᠡᠬᠡᠨ ᠤ ᠳᠡᠷᠬᠡ ᠪᠠᠨ ᠦᠢᠯᠡᠳᠪᠦᠷᠢᠯᠡᠯ ᠤᠨ ᠴᠢᠨᠠᠷ ᠪᠤᠰᠤ ᠵᠦᠬᠡᠬᠡᠪᠤᠷᠢ ᠡᠵᠡᠩᠨᠡᠯᠳᠡ ᠳᠤ ᠳᠤᠰᠬᠠᠢ ᠬᠡᠷᠡᠭᠯᠡᠭᠰᠡᠨ︔ ᠪᠤᠰᠤᠳ ᠳᠤᠮᠤ ᠬᠡᠯᠪᠡᠷᠢ ᠶᠢᠨ ᠡᠵᠡᠩᠨᠡᠯᠳᠡ ᠶᠢᠨ ᠮᠠᠶ᠋ᠢᠭ ᠤᠨ ᠳᠡᠷᠬᠡ ᠪᠤᠶᠤ ᠮᠠᠰᠢᠨ ᠲᠠᠢ᠃      9. ᠬᠡᠷ ᠪᠦᠯᠢ ᠶᠢᠨ ᠡᠳ᠋ ᠬᠦᠷᠦᠩᠭᠡ ᠪᠠᠨ ᠬᠤᠳᠠᠯᠳᠤᠬᠤ᠂ ᠨᠢᠭᠤᠬᠤ᠂ ᠰᠢᠯᠵᠢᠬᠦᠯᠬᠦ ᠪᠤᠶᠤ ᠵᠤᠷᠢᠭᠤᠳᠠ ᠡᠷᠦᠬᠡ ᠬᠤᠪᠢᠶᠠᠬᠤ᠂ ᠡᠷᠦᠬᠡ ᠪᠠᠨ ᠬᠤᠪᠢᠶᠠᠭᠰᠠᠨ ᠴᠦ ᠬᠡᠷ ᠢᠶᠠᠨ ᠬᠤᠪᠢᠶᠠᠬᠤ ᠦᠬᠡᠢ᠂ ᠤᠷᠤᠭ ᠰᠠᠯᠬᠤ ︵ᠤᠷᠤᠭ ᠰᠠᠯᠤᠭᠰᠠᠨ ᠴᠦ ᠬᠡᠷ ᠢᠶᠠᠨ ᠰᠠᠯᠭᠠᠭᠰᠠᠨ ᠦᠬᠡᠢ︶ ᠵᠡᠷᠬᠡ ᠬᠠᠤᠯᠢ ᠴᠠᠭᠠᠵᠠ᠂ ᠬᠠᠤᠯᠢ ᠲᠦᠷᠢᠮ ᠠᠴᠠ ᠰᠢᠯᠳᠠᠭᠯᠠᠨ ᠵᠠᠶᠢᠯᠠᠭᠰᠠᠨ ᠦᠢᠯᠡ ᠠᠵᠢᠯᠯᠠᠭ᠎ᠠ ᠶᠢ ᠠᠪᠴᠦ᠂ ᠠᠵᠤ ᠠᠬᠤᠢ ᠶᠢᠨ ᠢᠷᠡᠯᠳᠡ ᠦᠬᠡᠢ᠂ ᠠᠮᠢᠳᠤᠷᠠᠯ ᠨᠢ ᠬᠦᠴᠢᠷᠳᠡᠯᠳᠡᠢ ᠪᠤᠯᠤᠭᠰᠠᠨ ᠬᠤᠳᠠᠯ ᠪᠠᠶᠢᠳᠠᠯ ᠭᠠᠷᠭᠠᠭᠰᠠᠨ᠃      10. ᠤᠨᠴᠠ ᠬᠦᠴᠢᠷᠳᠡᠯᠳᠡᠢ ᠪᠠᠷ ᠠᠰᠠᠷᠠᠨ ᠳᠡᠵᠢᠬᠡᠬᠦ᠂ ᠦᠨᠦᠴᠢᠨ ᠬᠡᠤᠬᠡᠳ ᠤᠨ ᠨᠦᠬᠦᠴᠡᠯ ᠳᠤ ᠨᠡᠶᠢᠴᠡᠭᠰᠡᠨ ᠪᠤᠯ ᠳᠤᠰᠪᠤᠷᠢ ᠶᠠᠪᠤᠴᠠ ᠶᠤᠰᠤᠭᠠᠷ ᠤᠨᠴᠠ ᠬᠦᠴᠢᠷᠳᠡᠯᠳᠡᠢ ᠬᠦᠮᠦᠨ ᠪᠠ ᠦᠨᠦᠴᠢᠨ ᠬᠡᠤᠬᠡᠳ ᠤᠨ ᠠᠪᠤᠷᠠᠨ ᠳᠤᠰᠠᠯᠠᠯᠳᠠ ᠶᠢ ᠭᠤᠶᠤᠴᠢᠯᠠᠭᠤᠯᠤᠨ᠎ᠠ᠃      11. ᠨᠠᠰᠤ ᠵᠢᠯ ᠨᠢ 18 — 55 ᠪᠦᠬᠦᠯᠢ ᠨᠠᠰᠤᠳᠠᠢ ᠬᠡᠷ ᠪᠦᠯᠢ ᠶᠢᠨ ᠪᠦᠷᠢᠯᠳᠦᠬᠦᠨ ᠨᠢ ᠴᠦᠮ ᠬᠡᠪ  ᠤᠨ ᠬᠦᠮᠦᠨ ᠮᠦᠷᠳᠡᠬᠡᠨ ᠬᠠᠰᠤᠵᠤ ᠠᠪᠤᠭᠰᠠᠨ ᠦᠬᠡᠢ ᠪᠠ ᠬᠤᠪᠢᠷᠠᠰᠢ ᠦᠬᠡᠢ ᠰᠢᠨᠵᠢ ᠶᠢᠨ ᠵᠠᠷᠤᠯᠭ᠎ᠠ ᠲᠠᠢ ᠬᠡᠷ ᠪᠦᠯᠢ᠃      12. ᠬᠡᠷ ᠪᠦᠯᠢ ᠳᠤᠨᠢ ᠬᠠᠷᠢᠶ᠎ᠠ ᠳᠤᠭᠤᠷᠢᠭ ᠠᠴᠠ ᠭᠠᠳᠠᠨ᠎ᠠ ᠰᠤᠷᠭᠠᠭᠤᠯᠢ ᠰᠤᠩᠭᠤᠵᠤ ᠳᠤᠮᠳᠠᠳᠤ ᠪᠠᠭ᠎ᠠ ᠰᠤᠷᠭᠠᠭᠤᠯᠢ ︵ᠰᠢᠯᠢᠳᠡᠭ ᠢ ᠰᠤᠩᠭᠤᠨ ᠡᠯᠰᠡᠨ  ᠠᠪᠤᠷᠠᠭᠰᠠᠨ ᠠᠴᠠ ᠪᠤᠰᠤᠳ︶ ᠳᠤ ᠪᠢᠴᠢᠭ ᠦᠵᠡᠵᠤ ᠪᠠᠶᠢᠭ᠎ᠠ ᠰᠤᠷᠤᠭᠴᠢ ᠲᠠᠢ᠃      ᠬᠤᠶᠠᠷ᠂ ᠨᠠᠭᠠᠳᠤ ᠵᠠᠬ᠎ᠠ ᠶᠢᠨ ᠪᠠᠳᠤᠯᠠᠭᠠᠨ ᠤ ᠬᠡᠷ ᠪᠦᠯᠢ ᠶᠢᠨ ᠤᠷᠤᠯᠭ᠎ᠠ ᠶᠢᠨ ᠮᠠᠭᠠᠳᠯᠠᠨ ᠳᠤᠭᠳᠠᠭᠠᠯᠳᠠ  ᠶᠢᠨ ᠠᠮᠠ ᠰᠡᠬᠡᠷ ᠢ ᠨᠢᠬᠡᠳᠦᠯᠳᠡᠢ ᠪᠠᠶᠢᠯᠭᠠᠨ᠎ᠠ     ᠨᠠᠰᠤ ᠦᠶ᠎ᠡ᠂ ᠵᠡᠮᠳᠡᠭ ᠤᠨ ᠬᠡᠮᠵᠢᠶ᠎ᠡ᠂ ᠬᠦᠨᠳᠦ ᠡᠪᠡᠳᠴᠢᠨ᠂ ᠤᠵᠢᠭ ᠡᠪᠡᠳᠴᠢᠨ ᠵᠡᠷᠬᠡ ᠶᠡᠷᠦᠩᠭᠡᠶᠢᠯᠡᠭᠰᠡᠨ ᠡᠯᠧᠮᠧᠨ᠋ᠲ ᠶᠢ ᠦᠨᠳᠦᠰᠦᠯᠡᠵᠤ ᠬᠤᠪᠢ ᠬᠦᠮᠦᠨ ᠤ ᠬᠦᠳᠡᠯᠮᠦᠷᠢ ᠶᠢᠨ ᠢᠯᠡᠳᠬᠡᠮᠵᠢ ᠶᠢ ᠬᠠᠷᠭᠤᠭᠤᠯᠤᠨ ᠳᠤᠭᠳᠠᠭᠠᠵᠤ ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠨᠡᠶᠢᠳᠡᠯᠡᠭᠰᠡᠨ ᠳᠤᠰ ᠭᠠᠵᠠᠷ ᠤᠷᠤᠨ ᠤ ᠳᠡᠬᠡᠷ᠎ᠡ ᠵᠢᠯ ᠤᠨ ᠳᠠᠷᠢᠶᠠᠴᠢᠨ ᠮᠠᠯᠴᠢᠨ ᠤ ᠬᠦᠮᠦᠨ ᠳᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ ᠪᠤᠶᠤ ᠳᠤᠰ ᠭᠠᠵᠠᠷ ᠤᠷᠤᠨ ᠤ ᠬᠤᠳᠠ ᠪᠠᠯᠭᠠᠰᠤᠨ ᠤ ᠬᠠᠮᠤᠭ ᠤᠨ ᠳᠤᠤᠷ᠎ᠡ ᠴᠠᠯᠢᠩ ᠤᠨ ᠪᠠᠷᠢᠮᠵᠢᠶ᠎ᠠ ᠲᠠᠢ ᠤᠶᠠᠯᠳᠤᠭᠤᠯᠤᠨ᠂ ᠬᠦᠳᠡᠭᠡ ᠳᠤᠰᠬᠤᠨ  ᠤ ᠭᠠᠵᠠᠷ ᠰᠢᠷᠤᠢ ᠶᠢᠨ ᠡᠵᠡᠩᠨᠡᠯᠳᠡ ᠶᠢᠨ ᠤᠷᠤᠯᠭ᠎ᠠ᠂ ᠬᠤᠳᠠ ᠪᠠᠯᠭᠠᠰᠤᠨ ᠳᠤ ᠬᠦᠯᠦᠰᠦᠨ ᠠᠵᠢᠯ ᠬᠢᠭᠰᠡᠨ ᠤᠷᠤᠯᠭ᠎ᠠ᠂ ᠦᠷ᠎ᠡ ᠬᠡᠤᠬᠡᠳ ᠢᠶᠠᠨ ᠠᠷᠠᠴᠢᠯᠠᠨ ᠳᠡᠵᠢᠬᠡᠬᠦ ᠵᠠᠷᠤᠳᠠᠯ ︵ᠱᠠᠩᠳᠤ ᠰᠢᠶᠠᠨ ᠤ ᠨᠠᠭᠠᠳᠤ ᠵᠠᠬ᠎ᠠ ᠶᠢᠨ ᠪᠠᠳᠤᠯᠠᠭᠠᠨ ᠤ ᠬᠦᠳᠡᠯᠮᠦᠷᠢ ᠬᠦᠴᠦᠨ ᠤ ᠢᠯᠡᠳᠬᠡᠮᠵᠢ ᠶᠢ ᠬᠡᠮᠵᠢᠨ ᠪᠤᠳᠤᠬᠤ ᠪᠠᠷᠢᠮᠵᠢᠶ᠎ᠠ ᠵᠢᠴᠢ ᠤᠷᠤᠯᠠᠬᠤ ᠨᠤᠮᠧᠷ  ᠤᠨ ᠬᠦᠰᠦᠨᠦᠭ ᠢ ᠠᠷᠤ ᠳᠤᠨᠢ ᠳᠠᠭᠠᠯᠳᠤᠭᠤᠯᠪᠠ︶ ᠳᠤ ᠭᠤᠤᠯᠳᠠᠯᠭ᠎ᠠ ᠲᠠᠢ ᠳᠤᠭᠠᠴᠠᠭ᠎ᠠ ᠬᠢᠨ᠎ᠡ᠃      ︵ᠨᠢᠬᠡ︶ ᠳᠠᠷᠢᠶᠠᠯᠠᠩ ᠤᠨ ᠦᠢᠯᠡᠳᠪᠦᠷᠢᠯᠡᠯ ᠡᠵᠡᠩᠨᠡᠯᠳᠡ ᠶᠢ ᠡᠷᠬᠢᠯᠡᠭᠰᠡᠨ ᠤᠷᠤᠯᠭ᠎ᠠ ᠶᠢᠨ ᠳᠤᠭᠠᠴᠠᠭ᠎ᠠ      ᠬᠤᠪᠢ ᠬᠦᠮᠦᠨ ᠤ ᠤᠷᠤᠯᠭ᠎ᠠ = ᠬᠤᠪᠢ ᠬᠦᠮᠦᠨ ᠤ ᠬᠦᠳᠡᠯᠮᠦᠷᠢ ᠶᠢᠨ ᠢᠯᠡᠳᠬᠡᠮᠵᠢ× ᠳᠡᠭᠡᠷ᠎ᠡ ᠵᠢᠯ ᠤᠨ ᠳᠤᠰ ᠭᠠᠵᠠᠷ ᠤᠷᠤᠨ ᠤ ᠳᠠᠷᠢᠶᠠᠴᠢᠨ ᠮᠠᠯᠴᠢᠨ ᠤ ᠬᠦᠮᠦᠨ ᠳᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ×60% ︵2017 ᠤᠨ ᠤ ᠮᠠᠨ ᠤ ᠰᠢᠶᠠᠨ ᠤ ᠳᠠᠷᠢᠶᠠᠴᠢᠨ ᠮᠠᠯᠴᠢᠨ ᠤ ᠬᠦᠮᠦᠨ ᠳᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ ᠪᠤᠯ 9257 ᠳᠦᠬᠦᠷᠢᠭ︶᠃      ᠳᠤᠳᠤᠷᠬᠠᠶᠢᠯᠠᠯᠳᠠ᠄ ᠬᠡᠷ ᠪᠦᠯᠢ ᠶᠢᠨ ᠪᠦᠷᠢᠯᠳᠦᠬᠦᠨ ᠢᠶᠠᠷ ᠨᠢ ᠳᠤᠰᠪᠤᠷᠢ ᠬᠠᠷᠭᠤᠭᠤᠯᠤᠨ ᠳᠤᠭᠳᠠᠭᠠᠵᠤ᠂ ᠬᠦᠰᠦᠨᠦᠭ ᠳᠠᠬᠢ ᠳᠤᠰ ᠬᠡᠷ ᠪᠦᠯᠢ ᠶᠢᠨ ᠪᠦᠷᠢᠯᠳᠦᠬᠦᠨ ᠤ ︽ᠵᠢᠯ ᠤᠨ ᠤᠷᠤᠯᠭ᠎ᠠ︾ ᠶᠢᠨ ᠦᠴᠢᠬᠦ ᠬᠦᠰᠦᠨᠦᠭ  ᠲᠤ ᠳᠠᠭᠯᠠᠨ᠎ᠠ᠃ ᠳᠠᠷᠠᠭ᠎ᠠ ᠨᠢ ᠬᠡᠷ ᠪᠦᠯᠢ ᠶᠢᠨ ᠪᠦᠷᠢᠯᠳᠦᠬᠦᠨ ᠪᠦᠬᠦᠨ ᠤ ᠵᠢᠯ ᠤᠨ ᠤᠷᠤᠯᠭ᠎ᠠ ᠶᠢ ᠬᠦᠰᠦᠨᠦᠭ  ᠳᠠᠬᠢ ᠬᠡᠷ ᠪᠦᠯᠢ ᠶᠢᠨ ︽ᠡᠵᠡᠩᠨᠡᠯᠳᠡ ᠶᠢᠨ ᠴᠢᠨᠠᠷᠳᠠᠢ ᠤᠷᠤᠯᠭ᠎ᠠ︾ ᠶᠢᠨ ᠳᠤᠤᠷᠡᠬᠢ ︽ᠭᠠᠵᠠᠷ ᠰᠢᠷᠤᠢ ᠶᠢᠨ ᠡᠵᠡᠩᠨᠡᠯᠳᠡ︾ ᠳᠤ ᠬᠤᠷᠢᠶᠠᠩᠭᠤᠶᠢᠯᠠᠨ᠎ᠠ᠃      ︵ᠬᠤᠶᠠᠷ︶ ᠬᠤᠳᠠ ᠪᠠᠯᠭᠠᠰᠤᠨ ᠳᠤ ᠬᠦᠯᠦᠰᠦᠨ ᠠᠵᠢᠯ ᠬᠢᠭᠰᠡᠨ ᠤᠷᠤᠯᠭ᠎ᠠ ᠶᠢᠨ ᠲᠤᠭᠠᠴᠠᠭ᠎ᠠ ᠬᠤᠪᠢ ᠬᠦᠮᠦᠨ ᠤ ᠵᠢᠯ ᠤᠨ ᠤᠷᠤᠯᠭ᠎ᠠ = ᠬᠤᠪᠢ ᠬᠦᠮᠦᠨ ᠤ ᠬᠦᠳᠡᠯᠮᠦᠷᠢ ᠶᠢᠨ ᠢᠯᠡᠳᠭᠡᠮᠵᠢ × ᠳᠡᠭᠡᠷ᠎ᠡ ᠵᠢᠯ  ᠤᠨ ᠲᠤᠰ ᠭᠠᠵᠠᠷ ᠤᠷᠤᠨ ᠤ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠡ × 7 ᠰᠠᠷ᠎ᠠ ︵2017 ᠤᠨ ᠤ ᠮᠠᠨ ᠤ ᠰᠢᠶᠠᠨ ᠤ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠪᠣᠯ 1460 ᠲᠦᠬᠦᠷᠢᠭ\ ᠰᠠᠷ᠎ᠠ︶᠃      ᠳᠤᠳᠤᠷᠬᠠᠶᠢᠯᠠᠯᠳᠠ᠄      ⑴ ᠳᠡᠭᠡᠷ᠎ᠡ ᠳᠤᠷᠠᠳᠤᠭᠰᠠᠨ ᠲᠤᠭᠠᠴᠠᠭ᠎ᠠ ᠳᠤ ᠬᠦᠳᠡᠭᠡ ᠲᠤᠰᠬᠤᠨ ᠤ ᠡᠷᠦᠭᠡ ᠠᠮᠠ ᠨᠢ ᠬᠤᠳᠠ ᠪᠠᠯᠭᠠᠰᠤᠨ  ᠳᠤ ᠪᠠᠶᠢᠭ᠎ᠠ ᠬᠦᠯᠦᠰᠦᠨ ᠠᠵᠢᠯ ᠬᠢᠵᠦ ᠪᠠᠶᠢᠭ᠎ᠠ ᠬᠦᠮᠦᠨ ᠪᠠ ᠳᠠᠷᠢᠶᠠᠯᠠᠩ ᠤᠨ ᠪᠤᠰᠤ ᠡᠷᠦᠭᠡ ᠠᠮᠠ ᠲᠠᠢ ᠬᠤᠳᠠ ᠪᠠᠯᠭᠠᠰᠤᠨ ᠤ ᠬᠦᠯᠦᠰᠦᠨ ᠠᠵᠢᠯ ᠬᠢᠵᠦ ᠪᠠᠶᠢᠭ᠎ᠠ ᠬᠦᠮᠦᠨ ᠪᠠᠭᠳᠠᠨ᠎ᠠ︔      ⑵ ᠭᠡᠷ ᠪᠦᠯᠢ ᠶᠢᠨ ᠪᠦᠷᠢᠯᠳᠦᠬᠦᠨ ᠢᠶᠠᠷ ᠲᠤᠰᠪᠤᠷᠢ ᠬᠠᠷᠭᠤᠭᠤᠯᠤᠨ ᠳᠤᠭᠳᠠᠭᠠᠵᠤ᠂ ᠬᠦᠰᠦᠨᠦᠭ ᠳᠠᠬᠢ ᠲᠤᠰ ᠭᠡᠷ ᠪᠦᠯᠢ ᠶᠢᠨ ᠪᠦᠷᠢᠯᠳᠦᠬᠦᠨ ᠤ ︽ᠵᠢᠯ ᠤᠨ ᠤᠷᠤᠯᠭ᠎ᠠ︾ ᠶᠢᠨ ᠦᠴᠢᠬᠦ ᠬᠦᠰᠦᠨᠦᠭ ᠲᠤ ᠳᠠᠭᠯᠠᠨ᠎ᠠ᠃ ᠳᠠᠷᠠᠭ᠎ᠠ ᠨᠢ ᠭᠡᠷ ᠪᠦᠢ ᠶᠢᠨ ᠪᠦᠷᠢᠯᠳᠦᠬᠦᠨ ᠪᠤᠯᠭᠠᠨ ᠤ ᠬᠦᠯᠦᠰᠦᠨ ᠠᠵᠢᠯ ᠬᠢᠭᠰᠡᠨ ᠵᠢᠯ ᠤᠨ ᠤᠷᠤᠯᠭ᠎ᠠ ᠶᠢ ᠬᠦᠰᠦᠨᠦᠭ ᠳᠠᠬᠢ ᠭᠡᠷ ᠪᠦᠯᠢ ᠶᠢᠨ ︽ᠴᠠᠯᠢᠩ ᠤᠨ ᠴᠢᠨᠠᠷᠳᠠᠢ ᠤᠷᠤᠯᠭ᠎ᠠ︾ ᠶᠢᠨ ᠳᠤᠤᠷᠠᠬᠢ ︽ᠬᠦᠯᠦᠰᠦᠨ ᠠᠵᠢᠯ ᠬᠢᠭᠰᠡᠨ ᠤᠷᠤᠯᠭ᠎ᠠ︾ ᠶᠢᠨ ᠬᠦᠰᠦᠨᠦᠭ ᠳᠤᠳᠤᠷ᠎ᠠ ᠬᠤᠷᠢᠶᠠᠩᠭᠤᠶᠢᠯᠠᠨ᠎ᠠ᠃      ⑶ 7 ᠰᠠᠷ᠎ᠠ ᠶᠢᠨ ᠬᠦᠯᠦᠰᠦᠨ ᠠᠵᠢᠯ ᠬᠢᠭᠰᠡᠨ ᠴᠠᠭ ᠢᠶᠠᠷ ᠲᠤᠭᠠᠴᠠᠭ᠎ᠠ ᠬᠢᠬᠦ ᠨᠢ ᠲᠤᠰ ᠭᠠᠵᠠᠷ ᠤᠷᠤᠨ ᠤ ᠠᠭᠤᠷ ᠠᠮᠢᠰᠬᠤᠯ ᠤᠨ ᠤᠨᠴᠠᠯᠢᠭ ᠢ ᠦᠨᠳᠦᠰᠦᠯᠡᠵᠦ᠂ ᠭᠡᠷ ᠠᠴᠠ ᠭᠠᠳᠠᠨ᠎ᠠ ᠬᠦᠳᠡᠯᠮᠦᠷᠢ ᠬᠢᠵᠦ ᠪᠤᠯᠬᠤ ᠪᠦᠲᠦᠮᠵᠢᠳᠠᠢ ᠴᠠᠭ ︵ᠪᠠᠷᠤᠭ ᠵᠢᠯ ᠪᠤᠯᠭᠠᠨ ᠤ 4 ᠰᠠᠷ᠎ᠠ ᠠᠴᠠ 10 ᠰᠠᠷ᠎ᠠ ᠬᠦᠷᠳᠡᠯ᠎ᠡ︶᠃      ︵ᠭᠤᠷᠪᠠ︶ ᠬᠦᠳᠡᠭᠡ ᠲᠤᠰᠬᠤᠨ ᠤ ᠳᠠᠷᠢᠮᠠᠯ ᠲᠡᠵᠢᠭᠡᠪᠦᠷᠢ ᠶᠢᠨ ᠦᠢᠯᠡᠰ ᠤᠨ ᠵᠢᠯ ᠤᠨ ᠤᠷᠤᠯᠭ᠎ᠠ ᠶᠢᠨ ᠬᠤᠭᠤᠴᠠᠭ᠎ᠠ      ᠭᠡᠷ ᠪᠦᠯᠢ ᠶᠢᠨ ᠳᠡᠵᠢᠭᠡᠪᠦᠷᠢ ᠶᠢᠨ ᠦᠢᠯᠡᠰ ᠤᠨ ᠡᠵᠡᠩᠨᠡᠯᠳᠡ ᠶᠢᠨ ᠵᠢᠯ ᠤᠨ ᠤᠷᠤᠯᠭ᠎ᠠ = ᠮᠠᠯ ᠪᠦᠷᠢ ᠶᠢᠨ ᠵᠢᠯ ᠤᠨ ᠤᠷᠤᠯᠭ᠎ᠠ ᠶᠢᠨ ᠬᠤᠭᠤᠴᠠᠭ᠎ᠠ ᠶᠢᠨ ᠪᠠᠷᠢᠮᠵᠢᠶ᠎ᠠ × ᠮᠠᠯ ᠤᠨ ᠲᠤᠭ᠎ᠠ ᠲᠤᠯᠤᠭᠠᠢ      ᠳᠤᠳᠤᠷᠬᠠᠶᠢᠯᠠᠯᠳᠠ᠄      ⑴ ᠮᠠᠯ ᠤᠨ ᠭᠠᠷᠭᠠᠯᠳᠠ᠂ ᠡᠵᠡᠩᠨᠡᠯᠳᠡ ᠶᠢᠨ ᠳᠤᠮᠳᠠᠬᠢ ᠡᠯ᠎ᠡ ᠵᠦᠢᠯ ᠤᠨ ᠤᠷᠤᠭᠤᠯᠤᠯᠳᠠ ᠶᠢ ᠬᠠᠰᠤᠭᠰᠠᠨ  ᠤ ᠳᠠᠷᠠᠭ᠎ᠠ᠂ ᠮᠠᠯ ᠪᠤᠯᠭᠠᠨ ᠠᠴᠠ ᠤᠯᠤᠭᠰᠠᠨ ᠤᠷᠤᠯᠭ᠎ᠠ ᠶᠢᠨ ᠲᠤᠭᠠᠴᠠᠭ᠎ᠠ ᠶᠢᠨ ᠪᠠᠷᠢᠮᠵᠢᠶ᠎ᠠ ︵ᠡᠯ᠎ᠡ ᠰᠢᠶᠠᠩ ᠪᠠᠯᠭᠠᠰᠤ ᠳᠡᠭᠡᠷ᠎ᠡ ᠵᠢᠯ ᠤᠨ ᠲᠤᠭ᠎ᠠ ᠪᠦᠷᠢᠳᠭᠡᠯ ᠤᠨ ᠵᠢᠯ ᠤᠨ ᠤᠶᠢᠯᠠᠯᠭ᠎ᠠ ᠳᠠᠬᠢ 2017 ᠤᠨ ᠤ ᠮᠠᠨ ᠤ ᠰᠢᠶᠠᠨ  ᠤ ᠦᠭᠡᠷ ᠪᠤᠯᠭᠠᠨ ᠠᠴᠠ ᠵᠢᠯ ᠳᠤ 500 ᠲᠦᠬᠦᠷᠢᠭ ᠤᠨ ᠴᠡᠪᠡᠷ ᠤᠷᠤᠯᠭ᠎ᠠ ᠤᠯᠤᠭᠰᠠᠨ ᠪᠠᠷᠢᠮᠵᠢᠶ᠎ᠠ ᠪᠠᠷ ᠲᠤᠭᠠᠴᠠᠭ᠎ᠠ ᠬᠢᠵᠦ᠂ ᠬᠤᠨᠢ ᠪᠤᠯᠭᠠᠨ ᠠᠴᠠ ᠵᠢᠯ ᠳᠤ 100 ᠲᠦᠬᠦᠷᠢᠭ ᠤᠨ ᠴᠡᠪᠡᠷ ᠤᠷᠤᠯᠭ᠎ᠠ ᠤᠯᠤᠭᠰᠠᠨ ᠪᠠᠷᠢᠮᠵᠢᠶ᠎ᠠ ᠪᠠᠷ ᠲᠤᠭᠠᠴᠠᠭ᠎ᠠ ᠬᠢᠵᠦ᠂ ᠪᠤᠰᠤᠳ ᠮᠠᠯ ᠢ ᠦᠭᠡᠷ ᠬᠤᠨᠢᠨ ᠤ ᠲᠤᠭᠠᠴᠠᠭ᠎ᠠ ᠶᠢᠨ ᠪᠠᠷᠢᠮᠵᠢᠶ᠎ᠠ ᠪᠠᠷ ᠯᠠᠪᠯᠠᠯᠳᠠ ᠪᠤᠯᠭᠠᠨ ᠲᠤᠭᠠᠴᠠᠭ᠎ᠠ ᠬᠢᠨ᠎ᠠ︶︔      ⑵ ᠶᠡᠷᠦ ᠳᠡᠭᠡᠨ ᠳᠡᠭᠡᠷ᠎ᠡ ᠵᠢᠯ ᠤᠨ 6 ᠰᠠᠷ᠎ᠠ ᠶᠢᠨ ᠡᠴᠦᠰ ᠤᠨ ᠮᠠᠯ ᠤᠨ ᠨᠡᠶᠢᠳᠡᠮ ᠪᠠᠶᠢᠴᠠᠭᠠᠯᠳᠠ ᠶᠢᠨ ᠲᠤᠭ᠎ᠠ ᠪᠠᠷ ᠪᠠᠷᠢᠮᠵᠢᠶ᠎ᠠ ᠪᠤᠯᠭᠠᠵᠤ᠂ ᠪᠤᠳᠠ ᠪᠤᠭ ᠮᠠᠯ ᠢᠶᠠᠷ ᠢᠯᠭᠠᠬᠤ ᠦᠭᠡᠢ︔      ⑶ ᠲᠡᠵᠢᠭᠡᠪᠦᠷᠢ ᠶᠢᠨ ᠤᠷᠤᠯᠭ᠎ᠠ ᠶᠢ ᠭᠡᠷ ᠪᠦᠯᠢ ᠪᠠᠷ ᠨᠢᠭᠡᠴᠢ ᠪᠤᠯᠭᠠᠨ ᠤᠷᠤᠯᠭ᠎ᠠ ᠶᠢ ᠨᠢ ᠪᠤᠳᠤᠨ᠎ᠠ᠂ ᠳᠠᠷᠤᠢ᠄ ᠦᠭᠡᠷ ᠪᠤᠯᠭᠠᠨ ᠠᠴᠠ ᠤᠯᠤᠭᠰᠠᠨ ᠵᠢᠯ ᠤᠨ ᠤᠷᠤᠯᠭ᠎ᠠ ᠶᠢᠨ ᠲᠤᠭᠠᠴᠠᠭ᠎ᠠ ᠶᠢᠨ ᠪᠠᠷᠢᠮᠵᠢᠶ᠎ᠠ ᠶᠢ ᠦᠨᠳᠦᠰᠦᠯᠡᠵᠦ᠂ ᠲᠤᠰᠪᠤᠷᠢ ᠦᠭᠡᠷ ᠪᠤᠶᠤ ᠬᠤᠨᠢᠨ ᠤ ᠲᠤᠭ᠎ᠠ ᠶᠢ ᠦᠷᠡᠵᠢᠬᠦᠯᠵᠦ᠂ ᠭᠡᠷ ᠪᠦᠯᠢ ᠶᠢᠨ ᠬᠢᠨᠢ ᠲᠡᠵᠢᠭᠡᠨ ᠦᠷᠡᠵᠢᠬᠦᠯᠬᠦ ᠦᠢᠯᠡᠰ ᠤᠨ ᠡᠵᠡᠩᠨᠡᠯᠳᠡ ᠶᠢᠨ ᠵᠢᠯ ᠤᠨ ᠤᠷᠤᠯᠭ᠎ᠠ ᠶᠢ ᠬᠡᠮᠵᠢᠨ ᠪᠤᠳᠤᠵᠤ᠂ ᠬᠦᠰᠦᠨᠦᠭ  ᠳᠠᠬᠢ ᠭᠡᠷ ᠪᠦᠯᠢ ᠶᠢᠨ ︽ᠡᠵᠡᠩᠨᠡᠯᠳᠡ ᠶᠢᠨ ᠴᠢᠨᠠᠷᠳᠠᠢ ᠤᠷᠤᠯᠭ᠎ᠠ︾ ᠶᠢᠨ ᠳᠤᠤᠷᠠᠬᠢ ︽ᠲᠡᠵᠢᠭᠡᠨ ᠦᠷᠡᠵᠢᠬᠦᠯᠬᠦ ᠦᠢᠯᠡᠰ ᠤᠨ ᠡᠵᠡᠩᠨᠡᠯᠳᠡ︾ ᠳᠤᠳᠤᠷ᠎ᠠ ᠳᠠᠭᠯᠠᠵᠤ᠂ ᠬᠦᠰᠦᠨᠦᠭ ᠤᠨ ᠭᠡᠷ ᠪᠦᠯᠢ ᠶᠢᠨ ᠪᠦᠷᠢᠯᠳᠦᠬᠦᠨ ᠤ ᠠᠷᠤ ᠳᠠᠬᠢ ︽ᠵᠢᠯ ᠤᠨ ᠤᠷᠤᠯᠭ᠎ᠠ︾ ᠶᠢᠨ ᠪᠤᠯᠤᠩ ᠳᠤ ᠲᠡᠵᠢᠭᠡᠨ ᠦᠷᠡᠵᠢᠬᠦᠯᠬᠦ ᠦᠢᠯᠡᠰ ᠤᠨ ᠤᠷᠤᠯᠭ᠎ᠠ ᠶᠢ ᠳᠠᠬᠢᠵᠤ ᠳᠠᠭᠯᠠᠬᠤ ᠦᠭᠡᠢ᠃      ⑷ ᠬᠦᠳᠡᠭᠡ ᠲᠤᠰᠬᠤᠨ ᠤ ᠭᠡᠷ ᠪᠦᠯᠢ ᠶᠢᠨ ᠦᠨᠳᠦᠰᠦᠨ ᠦᠢᠯᠡᠳᠪᠦᠷᠢᠯᠡᠯ ᠠᠮᠢᠳᠤᠷᠠᠯ ᠳᠠᠭᠠᠨ ᠬᠡᠷᠡᠭᠯᠡᠵᠦ ᠪᠠᠶᠢᠭ᠎ᠠ ᠬᠦᠯᠦᠪᠦᠷᠢ ᠶᠢᠨ ᠦᠭᠡᠷ ︵ᠮᠤᠷᠢ᠂ ᠯᠠᠭᠤᠰᠠ︶᠂ ᠭᠠᠭ᠋ᠠᠢ᠂ ᠳᠠᠬᠢᠶ᠎ᠠ᠂ ᠨᠤᠭᠤᠰᠤ ᠵᠡᠷᠭᠡ ᠶᠢ ᠬᠡᠷ ᠪᠦᠯᠢ  ᠶᠢᠨ ᠤᠷᠤᠯᠭ᠎ᠠ ᠳᠤ ᠪᠤᠳᠤᠬᠤ ᠦᠭᠡᠢ᠂ ᠭᠡᠷ ᠪᠦᠯᠢ ᠶᠢᠨ ᠤᠷᠤᠯᠭ᠎ᠠ ᠳᠤ ᠤᠷᠤᠭᠤᠯᠵᠤ ᠪᠤᠳᠤᠬᠤ ᠦᠭᠡᠢ ᠮᠠᠯ ︵ᠵᠢᠬᠦᠷᠳᠡᠨ︶ ᠨᠢ᠂ ᠵᠠᠷᠴᠢᠮ ᠳᠡᠭᠡᠷ᠎ᠡ ᠪᠠᠨ ᠡᠷᠦᠭᠡ ᠪᠦᠷᠢ ᠪᠤᠳᠠ ᠮᠠᠯ 1᠂ ᠬᠤᠨᠢ 5᠂ ᠭᠠᠭ᠋ᠠᠢ 2᠂ ᠳᠠᠬᠢᠶ᠎ᠠ ᠨᠤᠭᠤᠰᠤ ᠶᠢ 30 ᠪᠠᠷ᠂ ᠢᠯᠡᠬᠦᠳᠡᠭᠰᠡᠨ ᠪᠤᠳᠠ ᠪᠤᠭ ᠮᠠᠯ᠂ ᠬᠡᠳᠦᠢ ᠢᠯᠡᠬᠦᠳᠡᠭᠰᠡᠨ ᠪᠣᠯ ᠳᠠᠷᠤᠢ ᠳᠡᠳᠦᠢ ᠢᠯᠡᠬᠦᠳᠡᠭᠰᠡᠨ ᠮᠠᠯ ︵ᠵᠢᠬᠦᠷᠳᠡᠨ︶ ᠢᠶᠠᠷ ᠨᠢ ᠭᠡᠷ ᠪᠦᠯᠢ ᠶᠢᠨ ᠤᠷᠤᠯᠭ᠎ᠠ ᠶᠢ ᠪᠤᠳᠤᠨ᠎ᠠ᠃      ︵ᠲᠦᠷᠪᠡ︶ ᠭᠠᠵᠠᠷ ᠰᠢᠷᠤᠢ᠂ ᠨᠤᠲᠤᠭ ᠪᠡᠯᠴᠢᠭᠡᠷ᠂ ᠭᠡᠷ ᠪᠠᠶᠢᠰᠢᠩ ᠵᠡᠷᠭᠡ ᠡᠯ᠎ᠡ ᠲᠦᠷᠦᠯ ᠤᠨ ᠲᠦᠷᠢᠶᠡᠰᠦᠯᠡᠭᠰᠡᠨ ᠤᠷᠤᠯᠭ᠎ᠠ ᠵᠡᠷᠭᠡ ᠡᠳ᠋ ᠬᠦᠷᠦᠩᠭᠡ ᠶᠢᠨ ᠴᠢᠨᠠᠷᠳᠠᠢ ᠤᠷᠤᠯᠭ᠎ᠠ᠂ ᠤᠯᠤᠰ ᠤᠨ ᠡᠯ᠎ᠡ ᠵᠦᠢᠯ ᠤᠨ ᠲᠠᠷᠢᠶᠠᠴᠢᠨ ᠮᠠᠯᠴᠢᠨ ᠳᠤ ᠠᠰᠢᠭ ᠬᠦᠷᠳᠡᠭᠡᠬᠦ ᠨᠦᠬᠦᠪᠦᠷᠢ ᠵᠡᠷᠭᠡ ᠰᠢᠯᠵᠢᠬᠦᠯᠦᠯᠳᠡ ᠶᠢᠨ ᠴᠢᠨᠠᠷᠳᠠᠢ ᠤᠷᠤᠯᠭ᠎ᠠ ᠶᠢ ᠪᠤᠳᠠᠳᠠᠢ ᠤᠯᠤᠭᠰᠠᠨ ᠲᠤᠭ᠎ᠠ ᠪᠠᠷ ᠨᠢ ᠪᠤᠳᠤᠨ᠎ᠠ᠃      ︵ᠳᠠᠪᠤ︶ ᠦᠷ᠎ᠡ ᠬᠡᠦᠬᠡᠳ ᠤᠨ ᠤᠷᠤᠯᠭ᠎ᠠ ᠵᠢᠴᠢ ᠠᠰᠠᠷᠠᠨ ᠳᠡᠵᠢᠭᠡᠭᠰᠡᠨ ᠵᠠᠷᠤᠳᠠᠯ ᠤᠨ ᠳᠤᠭᠠᠴᠠᠭ᠎ᠠ      1. ᠬᠦᠳᠡᠭᠡ ᠲᠤᠰᠬᠤᠨ ᠳᠤ ᠰᠠᠭᠤᠷᠢᠰᠢᠵᠤ ᠲᠠᠷᠢᠶᠠᠯᠠᠩ ᠤᠨ ᠦᠢᠯᠡᠳᠪᠦᠷᠢᠯᠡᠯ ᠡᠵᠡᠩᠨᠡᠯᠳᠡ ᠶᠢ ᠡᠷᠬᠢᠯᠡᠵᠦ᠂ ᠡᠴᠢᠭᠡ ᠡᠭᠡ ᠳᠡᠭᠡᠨ ᠦᠭᠭᠦᠭᠰᠡᠨ ᠵᠢᠯ ᠤᠨ ᠠᠷᠠᠴᠢᠯᠠᠨ ᠲᠡᠵᠢᠭᠡᠬᠦ ᠵᠠᠷᠤᠳᠠᠯ = ᠬᠤᠪᠢ ᠬᠦᠮᠦᠨ ᠤ ᠬᠦᠳᠡᠯᠮᠦᠷᠢ ᠬᠦᠴᠦᠨ ᠤ ᠢᠯᠡᠳᠭᠡᠮᠵᠢ × ᠲᠡᠭᠡᠷ᠎ᠡ ᠵᠢᠯ ᠤᠨ ᠲᠤᠰ ᠭᠠᠵᠠᠷ ᠤᠷᠤᠨ ᠤ ᠲᠠᠷᠢᠶᠠᠴᠢᠨ ᠮᠠᠯᠴᠢᠨ ᠤ ᠬᠦᠮᠦᠨ ᠳᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ × 5%᠃      2. ᠲᠤᠭᠳᠠᠮᠠᠯ ᠠᠵᠢᠯ ᠤᠨ ᠤᠷᠤᠯᠭ᠎ᠠ ᠦᠭᠡᠢ ᠬᠤᠳᠠ ᠪᠠᠯᠭᠠᠰᠤᠨ ᠳᠤ ᠬᠦᠯᠦᠰᠦᠨ ᠠᠵᠢᠯ ᠬᠢᠵᠦ ᠪᠠᠶᠢᠭ᠎ᠠ ᠦᠷ᠎ᠡ ᠬᠡᠦᠭᠡᠳ ᠨᠢ ᠡᠴᠢᠭᠡ ᠡᠬᠡ ᠳᠡᠭᠡᠨ ᠦᠭᠭᠦᠭᠰᠡᠨ ᠠᠰᠠᠷᠠᠨ ᠲᠡᠵᠢᠭᠡᠬᠦ ᠵᠠᠷᠤᠳᠠᠯ = ᠬᠤᠪᠢ ᠬᠦᠮᠦᠨ ᠤ ᠬᠦᠳᠡᠯᠮᠦᠷᠢ ᠬᠦᠴᠦᠨ ᠤ ᠢᠯᠡᠳᠭᠡᠮᠵᠢ × ᠲᠡᠭᠡᠷ᠎ᠡ ᠵᠢᠯ ᠤᠨ ᠲᠤᠰ ᠭᠠᠵᠠᠷ ᠤᠷᠤᠨ ᠤ ᠰᠠᠷ᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ × 7 × 5%᠃      3. ᠭᠡᠷ ᠪᠦᠯᠢ ᠶᠢᠨ ᠲᠡᠵᠢᠭᠡᠨ ᠦᠷᠡᠵᠢᠬᠦᠯᠬᠦ ᠦᠢᠯᠡᠰ ᠤᠨ ᠡᠵᠡᠩᠨᠡᠯᠳᠡ ᠶᠢᠨ ᠵᠢᠯ ᠤᠨ ᠤᠷᠤᠯᠭ᠎ᠠ ᠲᠠᠢ ᠦᠷ᠎ᠡ ᠬᠡᠦᠭᠡᠳ ᠨᠢ ᠡᠴᠢᠭᠡ ᠡᠬᠡ ᠳᠡᠭᠡᠨ ᠦᠭᠭᠦᠭᠰᠡᠨ ᠵᠢᠯ ᠤᠨ ᠠᠰᠠᠷᠠᠨ ᠲᠡᠵᠢᠬᠡᠬᠦ ᠵᠠᠷᠤᠳᠠᠯ = ᠮᠠᠯ ᠪᠤᠯᠭᠠᠨ ᠠᠴᠠ ᠤᠯᠤᠭᠰᠠᠨ ᠵᠢᠯ ᠤᠨ ᠤᠷᠤᠯᠭ᠎ᠠ ᠶᠢᠨ ᠲᠤᠭᠠᠴᠠᠭ᠎ᠠ ᠶᠢᠨ ᠪᠠᠷᠢᠮᠵᠢᠶ᠎ᠠ × ᠮᠠᠯ ᠤᠨ ᠲᠤᠭ᠎ᠠ ᠲᠤᠯᠤᠭᠠᠢ × 5%᠃      4. ᠠᠵᠤ ᠦᠢᠯᠡᠳᠪᠦᠷᠢ ᠬᠤᠳᠠᠯᠳᠤᠭᠠᠨ ᠤ ᠬᠤᠪᠢ ᠶᠢᠨ ᠡᠷᠦᠭᠡ ᠶᠢᠨ ᠡᠵᠡᠩᠨᠡᠯᠳᠡ ᠪᠤᠶᠤ ᠬᠤᠷᠰᠢᠶᠠᠵᠢᠯ  ᠤᠨ ᠡᠵᠡᠩᠨᠡᠯᠳᠡ ᠶᠢ ᠡᠷᠬᠢᠯᠡᠵᠦ ᠪᠠᠶᠢᠭ᠎ᠠ ᠦᠷ᠎ᠡ ᠬᠡᠦᠭᠡᠳ᠃ ᠳᠠᠩᠰᠠᠯᠠᠭᠰᠠᠨ ᠪᠡᠯᠡ ᠮᠦᠩᠬᠦ ᠨᠢ 3 ᠲᠦᠮᠡᠨ ᠲᠦᠬᠦᠷᠢᠭ ︵ᠪᠠᠭᠳᠠᠨ᠎ᠠ︶ ᠠᠴᠠ ᠳᠤᠷᠤᠭᠰᠢ᠂ ᠬᠦᠳᠡᠭᠡ ᠲᠤᠰᠬᠤᠨ ᠳᠤ ᠡᠵᠡᠩᠨᠡᠯᠳᠡ ᠬᠢᠵᠦ ᠪᠠᠶᠢᠭ᠎ᠠ ᠦᠷ᠎ᠡ ᠬᠡᠦᠬᠡᠳ ᠨᠢ ᠡᠴᠢᠭᠡ ᠡᠬᠡ ᠳᠡᠭᠡᠨ ᠦᠭᠭᠦᠭᠰᠡᠨ ᠵᠢᠯ ᠤᠨ ᠠᠰᠠᠷᠠᠨ ᠲᠡᠵᠢᠭᠡᠬᠦ ᠵᠠᠷᠤᠳᠠᠯ = ᠬᠤᠪᠢ ᠬᠦᠮᠦᠨ ᠤ ᠬᠦᠳᠡᠯᠮᠦᠷᠢ ᠬᠦᠴᠦᠨ ᠤ ᠢᠯᠡᠳᠭᠡᠮᠵᠢ × ᠲᠡᠭᠡᠷ᠎ᠡ ᠵᠢᠯ ᠤᠨ ᠲᠤᠰ ᠭᠠᠵᠠᠷ ᠤᠷᠤᠨ ᠤ ᠲᠠᠷᠢᠶᠠᠴᠢᠨ ᠮᠠᠯᠴᠢᠨ ᠤ ᠬᠦᠮᠦᠨ ᠳᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ × 5%︔ ᠬᠤᠳᠠ ᠪᠠᠯᠭᠠᠰᠤᠨ ᠳᠤ ᠡᠵᠡᠩᠨᠡᠯᠳᠡ ᠬᠢᠵᠦ ᠪᠠᠶᠢᠭ᠎ᠠ ᠦᠷ᠎ᠡ ᠬᠡᠦᠬᠡᠳ ᠨᠢ ᠡᠴᠢᠭᠡ ᠡᠬᠡ ᠳᠡᠭᠡᠨ ᠦᠭᠭᠦᠭᠰᠡᠨ ᠵᠢᠯ ᠤᠨ ᠠᠰᠠᠷᠠᠨ ᠲᠡᠵᠢᠭᠡᠬᠦ ᠵᠠᠷᠤᠳᠠᠯ = ᠬᠤᠪᠢ ᠬᠦᠮᠦᠨ ᠤ ᠬᠦᠳᠡᠯᠮᠦᠷᠢ ᠬᠦᠴᠦᠨ ᠤ ᠢᠯᠡᠳᠭᠡᠮᠵᠢ × ᠲᠡᠭᠡᠷ᠎ᠡ ᠵᠢᠯ ᠤᠨ ᠲᠤᠰ ᠭᠠᠵᠠᠷ ᠤᠷᠤᠨ ᠤ ᠰᠠᠷ᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ × 7 × 5%᠃      ᠳᠠᠩᠰᠠᠯᠠᠭᠰᠠᠨ ᠪᠡᠯᠡ ᠮᠦᠩᠬᠦ ᠨᠢ 3 ᠲᠦᠮᠡᠨ ᠲᠦᠬᠦᠷᠢᠭ ᠠᠴᠠ ᠳᠡᠭᠡᠭᠰᠢ ᠬᠤᠳᠠ ᠪᠠᠯᠭᠠᠰᠤ ᠪᠤᠶᠤ ᠬᠦᠳᠡᠭᠡ ᠲᠤᠰᠬᠤᠨ ᠳᠤ ᠡᠵᠡᠩᠨᠡᠯᠳᠡ ᠬᠢᠵᠦ ᠪᠠᠶᠢᠭ᠎ᠠ ᠦᠷ᠎ᠡ ᠬᠡᠦᠬᠡᠳ ᠨᠢ ᠡᠴᠢᠭᠡ ᠡᠬᠡ ᠳᠡᠭᠡᠨ ᠦᠭᠭᠦᠭᠰᠡᠨ ᠵᠢᠯ ᠤᠨ ᠠᠰᠠᠷᠠᠨ ᠲᠡᠵᠢᠭᠡᠬᠦ ᠵᠠᠷᠤᠳᠠᠯ ᠢ ᠳᠠᠩᠰᠠᠯᠠᠭᠰᠠᠨ ᠪᠡᠯᠡ ᠮᠦᠩᠬᠦᠨ ᠤ 3% ᠪᠠᠷ ᠬᠠᠷᠭᠤᠭᠤᠯᠤᠨ ᠳᠤᠭᠳᠠᠭᠠᠨ᠎ᠠ᠃      5. ᠦᠷ᠎ᠡ ᠬᠡᠦᠬᠡᠳ ᠨᠢ ᠵᠠᠰᠠᠭ ᠵᠠᠬᠢᠷᠭᠠᠨ ᠤ ᠠᠵᠢᠯ ᠦᠢᠯᠡᠰ ᠤᠨ ᠨᠢᠭᠡᠴᠢ ᠪᠤᠶᠤ ᠤᠯᠤᠰ ᠤᠨ ᠦᠮᠴᠢᠯᠡᠯᠳᠦ ᠠᠵᠤ ᠠᠬᠤᠶᠢᠯᠠᠯ ᠤᠨ ᠵᠢᠩᠬᠢᠨᠢ ᠠᠵᠢᠯᠳᠠᠨ ᠪᠠᠶᠢᠭᠠᠳ᠂ ᠡᠴᠢᠭᠡ ᠡᠬᠡ ᠳᠡᠭᠡᠨ ᠦᠭᠭᠦᠭᠰᠡᠨ ᠵᠢᠯ ᠤᠨ ᠠᠰᠠᠷᠠᠨ ᠳᠡᠵᠢᠭᠡᠬᠦ ᠵᠠᠷᠤᠳᠠᠯ = ᠵᠢᠯ ᠤᠨ ᠴᠠᠯᠢᠩ ᠤᠨ ᠶᠡᠷᠦᠩᠭᠡᠢ ᠲᠤᠭ᠎ᠠ × 5%᠃ ᠡᠬᠦᠨ ᠳᠤ᠄ ᠵᠠᠰᠠᠭ ᠵᠠᠬᠢᠷᠭᠠᠨ ᠤ ᠠᠵᠢᠯ ᠦᠢᠯᠡᠰ ᠤᠨ ᠨᠢᠭᠡᠴᠢ ᠪᠤᠶᠤ ᠤᠯᠤᠰ ᠤᠨ ᠦᠮᠴᠢᠯᠡᠯᠳᠦ ᠠᠵᠤ ᠠᠬᠤᠶᠢᠯᠠᠯ ᠳᠤ ᠠᠵᠢᠯ ᠤᠨ ᠠᠯᠪᠠ ᠲᠠᠢ ᠪᠣᠯ᠂ ᠵᠢᠯ ᠤᠨ ᠴᠠᠯᠢᠩ ᠤᠨ ᠬᠠᠷᠭᠤᠭᠤᠯᠤᠨ ᠲᠤᠭᠳᠠᠭᠠᠬᠤ ᠰᠠᠭᠤᠷᠢ ᠲᠤᠭ᠎ᠠ ᠶᠢ 36000 ᠲᠦᠬᠦᠷᠢᠭ  ᠠᠴᠠ ᠪᠠᠭ᠎ᠠ ᠪᠠᠶᠢᠯᠭᠠᠵᠤ ᠪᠤᠯᠬᠤ ᠦᠭᠡᠢ︔ ᠪᠤᠰᠤᠳ ᠠᠵᠤ ᠠᠬᠤᠶᠢᠯᠠᠯ ᠳᠤ ᠤᠷᠳᠤ ᠬᠤᠭᠤᠴᠠᠭᠠᠨ ᠤ ᠲᠤᠭᠳᠠᠮᠠᠯ ᠴᠠᠯᠢᠩ ᠤᠨ ᠤᠷᠤᠯᠭ᠎ᠠ ᠲᠠᠢ ᠪᠣᠯ᠂ ᠵᠢᠯ ᠤᠨ ᠴᠠᠯᠢᠩ ᠤᠨ ᠬᠠᠷᠭᠤᠭᠤᠯᠤᠨ ᠲᠤᠭᠳᠠᠭᠠᠬᠤ ᠰᠠᠭᠤᠷᠢ ᠳᠤᠭ᠎ᠠ ᠶᠢ 10000 ᠲᠦᠬᠦᠷᠢᠭ ᠠᠴᠠ ᠪᠠᠭ᠎ᠠ ᠪᠠᠶᠢᠯᠭᠠᠵᠤ ᠪᠤᠯᠬᠤ ᠦᠭᠡᠢ᠃      6. ᠦᠷ᠎ᠡ ᠬᠡᠦᠬᠡᠳ ᠨᠢ ᠪᠤᠰᠤᠳ ᠠᠵᠢᠯ ᠲᠦᠷᠦᠯ ᠢ ᠡᠷᠬᠢᠯᠡᠭᠰᠡᠨ ᠪᠣᠯ᠂ ᠳᠡᠭᠡᠷ᠎ᠡ ᠳᠤᠷᠠᠳᠤᠭᠰᠠᠨ ᠲᠦᠷᠦᠯ  ᠲᠠᠢ ᠠᠳᠠᠯᠢ ᠪᠠᠷᠢᠮᠵᠢᠶ᠎ᠠ ᠪᠠᠷ ᠠᠰᠠᠷᠠᠨ ᠲᠡᠵᠢᠭᠡᠬᠦ ᠤᠷᠤᠯᠭ᠎ᠠ ᠶᠢ ᠨᠢ ᠬᠠᠷᠭᠤᠭᠤᠯᠤᠨ ᠲᠤᠭᠳᠠᠭᠠᠨ᠎ᠠ᠃      7. ᠢᠵᠢᠯᠢ ᠨᠢᠭᠡ ᠦᠷ᠎ᠡ ᠬᠡᠦᠬᠡᠳ ᠪᠠᠶᠢᠭᠠᠳ᠂ ᠳᠡᠭᠡᠷ᠎ᠡ ᠳᠤᠷᠠᠳᠤᠭᠰᠠᠨ ᠤᠷᠤᠯᠭ᠎ᠠ ᠶᠢᠨ ᠲᠦᠷᠦᠯ ᠵᠦᠢᠯ  ᠨᠢ ᠳᠠᠪᠬᠤᠴᠠᠪᠠᠯ᠂ ᠤᠷᠤᠯᠭ᠎ᠠ ᠪᠠ ᠠᠰᠠᠷᠠᠨ ᠳᠡᠵᠢᠭᠡᠬᠦ ᠵᠠᠷᠤᠳᠠᠯ ᠢ ᠨᠢ ᠨᠡᠶᠢᠯᠡᠬᠦᠯᠦᠨ ᠪᠤᠳᠤᠨ᠎ᠠ᠃      8. ᠳᠤᠤᠷ᠎ᠠ ᠵᠢᠭᠰᠠᠭᠠᠭᠰᠠᠨ ᠪᠠᠶᠢᠳᠠᠯ ᠳᠤ ᠪᠣᠯ᠂ ᠦᠷ᠎ᠡ ᠬᠡᠦᠬᠡᠳ ᠨᠢ ᠡᠴᠢᠭᠡ ᠡᠬᠡ ᠳᠡᠭᠡᠨ ᠠᠰᠠᠷᠠᠨ ᠲᠡᠵᠢᠭᠡᠬᠦ ᠵᠠᠷᠤᠳᠠᠯ ᠤᠯᠭᠤᠬᠤ ᠦᠭᠡᠢ ᠪᠠᠷ ᠦᠵᠡᠨ᠎ᠡ᠄      —— ᠦᠷ᠎ᠡ ᠬᠡᠦᠬᠡᠳ ᠤᠨ ᠤᠷᠳᠤ ᠬᠤᠭᠤᠴᠠᠭ᠎ᠠ ᠪᠠᠷ ᠬᠠᠮᠳᠤ ᠠᠮᠢᠳᠤᠷᠠᠵᠤ ᠪᠠᠶᠢᠭ᠎ᠠ ᠭᠡᠷ ᠪᠦᠯᠢ ᠶᠢᠨ ᠪᠦᠷᠢᠯᠳᠦᠬᠦᠨ ᠳᠤ ᠤᠨᠴᠠ ᠬᠦᠨᠳᠦ ᠡᠪᠡᠳᠴᠢᠨ ᠲᠤᠰᠤᠭᠰᠠᠨ︔      —— ᠦᠷ᠎ᠡ ᠬᠡᠦᠬᠡᠳ ᠨᠢ ᠦᠨᠦ ᠨᠠᠭᠠᠳᠤ ᠵᠠᠬ᠎ᠠ ᠶᠢᠨ ᠪᠠᠲᠤᠯᠠᠭ᠎ᠠ ᠶᠢ ᠡᠳ᠋ᠯᠡᠭᠰᠡᠨ︔      —— ᠦᠷ᠎ᠡ ᠬᠡᠦᠬᠡᠳ ᠨᠢ ᠤᠳᠤ ᠳᠠᠭᠠᠨ ᠠᠯᠪᠠ ᠬᠦᠢᠴᠡᠳᠭᠡᠵᠦ ᠪᠠᠶᠢᠭ᠎ᠠ ᠴᠡᠷᠢᠭ ᠬᠦᠮᠦᠨ︔      —— ᠦᠷ᠎ᠡ ᠬᠡᠦᠭᠡᠳ ᠨᠢ ᠵᠠᠯᠭᠠᠪᠠᠷ ᠭᠤᠷᠪᠠᠨ ᠵᠢᠯ ᠠᠴᠠ ᠳᠡᠭᠡᠭᠰᠢ ︵ᠭᠤᠷᠪᠠᠨ ᠵᠢᠯ ᠪᠠᠭᠳᠠᠨ᠎ᠠ︶ ᠭᠡᠷ ᠪᠦᠯᠢ ᠠᠴᠠ ᠪᠠᠨ ᠰᠠᠯᠵᠤ ᠲᠤᠰᠠᠭᠠᠷ ᠠᠮᠢᠳᠤᠷᠠᠵᠤ ᠪᠠᠶᠢᠭ᠎ᠠ ᠱᠠᠰᠢᠨ ᠰᠤᠷᠳᠠᠬᠤᠨ ᠤ ᠪᠠᠭᠰᠢ ᠬᠦᠮᠦᠨ︔      —— ᠦᠷ᠎ᠡ ᠬᠡᠦᠬᠡᠳ ᠨᠢ ᠬᠢᠨᠳᠠᠨ ᠳᠤ ᠡᠷᠡᠬᠦᠦ ᠬᠦᠢᠴᠡᠳᠭᠡᠵᠦ ᠪᠠᠶᠢᠭ᠎ᠠ᠃      ︵ᠵᠢᠷᠭᠤᠭ᠎ᠠ︶ ᠭᠡᠷ ᠪᠦᠯᠢ ᠶᠢᠨ ᠤᠷᠤᠯᠭ᠎ᠠ ᠬᠠᠰᠤᠭᠰᠠᠨ ᠲᠤᠭᠠᠴᠠᠭ᠎ᠠ      ᠬᠦᠨᠳᠦ ᠵᠡᠮᠳᠡᠭ᠂ ᠬᠦᠨᠳᠦ ᠡᠪᠡᠳᠴᠢᠨ ᠲᠠᠢ᠂ ᠬᠦᠳᠡᠯᠮᠦᠷᠢᠯᠡᠬᠦ ᠴᠢᠳᠠᠪᠤᠷᠢ ᠪᠠᠨ ᠪᠦᠷᠢᠮᠦᠰᠦᠨ ᠠᠯᠳᠠᠭᠰᠠᠨ ᠭᠡᠷ ᠪᠦᠯᠢ᠂ ᠨᠠᠰᠤᠨ ᠳᠤ ᠬᠦᠷᠦᠭᠡᠳᠦᠢ ᠬᠦᠮᠦᠨ ᠲᠠᠢ᠂ ᠬᠠᠨᠢ ᠪᠠᠨ ᠠᠯᠳᠠᠭᠰᠠᠨ ᠦᠨᠦᠴᠢᠨ ᠦᠷᠦᠭᠡᠰᠦᠨ ᠬᠡᠷ ᠪᠦᠯᠢ᠂ 60 ᠪᠦᠬᠦᠯᠢ ᠨᠠᠰᠤᠨ ᠠᠴᠠ ᠳᠡᠭᠡᠭᠰᠢᠬᠢ ᠬᠤᠷᠢᠮᠯᠠᠭᠠᠳᠤᠢ ︵ᠤᠷᠤᠭ ᠰᠠᠯᠤᠭᠰᠠᠨ ᠪᠤᠶᠤ ᠬᠠᠨᠢ ᠪᠠᠨ ᠠᠯᠳᠠᠭᠰᠠᠨ︶ ᠭᠤᠤᠨᠢ ᠪᠡᠶ᠎ᠡ ᠭᠡᠷ ᠪᠦᠯᠢ᠂ ᠬᠦᠬᠦᠬᠦᠯ ᠬᠤᠭᠤᠴᠠᠭᠠᠨ ᠳᠤ ᠪᠠᠶᠢᠭ᠎ᠠ ᠡᠮᠡᠭᠳᠡᠢ ᠲᠠᠢ ᠭᠡᠷ ᠪᠦᠯᠢ᠂ ᠤᠯᠠᠨ ᠳᠠᠪᠬᠤᠷ ᠵᠡᠮᠳᠡᠭ ᠲᠠᠢ᠂ 70 ᠪᠦᠬᠦᠯᠢ ᠨᠠᠰᠤᠨ ᠠᠴᠠ ᠳᠡᠭᠡᠭᠰᠢᠬᠢ ᠨᠠᠰᠤᠳᠠᠢ ᠬᠦᠮᠦᠨ ᠲᠠᠢ ᠵᠡᠷᠭᠡ ᠤᠨᠴᠠ ᠬᠦᠴᠢᠷᠳᠡᠯᠳᠡᠢ ᠭᠡᠷ ᠪᠦᠯᠢ ᠶᠢᠨ ᠪᠤᠳᠠᠳᠠᠢ ᠤᠷᠤᠯᠭ᠎ᠠ ᠨᠢ ᠪᠤᠰᠤᠳ ᠬᠡᠪ ᠤᠨ ᠬᠡᠷ ᠪᠦᠯᠢ ᠠᠴᠠ ᠳᠤᠤᠷ᠎ᠠ ᠪᠣᠯ᠂ ᠡᠶᠢᠮᠦ ᠠᠴᠠ᠂ ᠳᠡᠭᠡᠷ᠎ᠡ ᠳᠤᠷᠠᠳᠤᠭᠰᠠᠨ ᠭᠡᠷ ᠪᠦᠯᠢ ᠶᠢᠨ ᠤᠷᠤᠯᠭ᠎ᠠ ᠶᠢ ᠬᠠᠷᠭᠤᠭᠤᠯᠤᠨ ᠪᠤᠳᠤᠬᠤ ᠳᠠᠭᠠᠨ᠂ ᠤᠷᠤᠯᠭ᠎ᠠ ᠶᠢᠨ ᠬᠠᠰᠤᠯᠳᠠ ᠶᠢ ᠬᠠᠷᠭᠤᠭᠤᠯᠤᠨ ᠪᠤᠳᠤᠵᠤ᠂ ᠡᠳᠡᠭᠡᠷ ᠤᠨᠴᠠ ᠬᠦᠴᠢᠷᠳᠡᠯᠳᠡᠢ ᠬᠡᠷ ᠪᠦᠯᠢ ᠶᠢ ᠠᠪᠤᠷᠠᠨ ᠲᠤᠰᠠᠯᠠᠬᠤ ᠬᠡᠷ ᠪᠦᠯᠢ ᠶᠢ ᠳᠡᠭᠡᠭᠰᠢᠯᠡᠬᠦᠯᠬᠦ ᠪᠠᠷ ᠬᠠᠷᠠᠯᠳᠠ ᠪᠤᠯᠭᠠᠬᠤ ᠬᠡᠷᠡᠭᠳᠡᠢ᠃      1. ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠶᠢ ᠬᠠᠰᠤᠵᠤ ᠪᠤᠳᠤᠬᠤ ᠠᠷᠭ᠎ᠠ ᠮᠠᠶ᠋ᠢᠭ      ⑴ ᠤᠷᠳᠤ ᠬᠤᠭᠤᠴᠠᠭ᠎ᠠ ᠪᠠᠷ ᠬᠠᠮᠳᠤ ᠰᠠᠭᠤᠵᠤ ᠠᠮᠢᠳᠤᠷᠠᠵᠤ ᠪᠠᠶᠢᠭ᠎ᠠ ᠭᠡᠷ ᠪᠦᠯᠢ ᠶᠢᠨ ᠪᠦᠷᠢᠯᠳᠦᠬᠦᠨ ᠨᠢ ᠬᠦᠨᠳᠦ ᠵᠡᠮᠳᠡᠭ ᠪᠤᠶᠤ ᠬᠦᠨᠳᠦ ᠡᠪᠡᠳᠴᠢᠨ ᠢᠶᠠᠷ ᠬᠦᠳᠡᠯᠮᠦᠷᠢᠯᠡᠬᠦ ᠴᠢᠳᠠᠪᠤᠷᠢ ᠪᠠᠨ ᠪᠦᠷᠢᠮᠦᠰᠦᠨ ᠠᠯᠳᠠᠵᠤ ᠪᠤᠰᠤᠳ ᠬᠦᠮᠦᠨ ᠢᠶᠠᠷ ᠬᠠᠷᠭᠠᠯᠵᠠᠭᠤᠯᠬᠤ ᠴᠢᠬᠤᠯᠠ ᠲᠠᠢ ᠭᠡᠷ ᠪᠦᠯᠢ ︵ᠳᠠᠷᠤᠢ ᠭᠡᠷ ᠪᠦᠯᠢ ᠶᠢᠨ ᠪᠦᠷᠢᠯᠳᠦᠬᠦᠨ ᠨᠢ ᠬᠦᠳᠡᠯᠮᠦᠷᠢ ᠬᠦᠴᠦᠨ ᠤ ᠢᠯᠡᠳᠭᠡᠮᠵᠢ ᠶᠢᠨ ᠤᠷᠤᠯᠠᠬᠤ ᠨᠤᠷᠮ᠎ᠠ ᠨᠢ E1᠂ E2᠂ E3᠂ E5 ᠶᠢᠨ ᠬᠦᠨᠳᠦ ᠵᠡᠮᠳᠡᠭ ᠪᠤᠶᠤ ᠤᠷᠤᠯᠠᠬᠤ ᠨᠤᠷᠮ᠎ᠠ ᠨᠢ F1᠂ F2᠂ F3᠂ F4᠂ F5 ᠶᠢᠨ ᠬᠦᠨᠳᠦ ᠡᠪᠡᠳᠴᠢᠨ ᠲᠠᠢ ᠬᠦᠮᠦᠨ ︶ ︵ᠲᠦᠷᠦᠯ C1 ᠶᠢ ᠬᠠᠰᠤᠨ᠎ᠠ︶᠃      ᠬᠦᠳᠡᠭᠡ ᠲᠤᠰᠬᠤᠨ ᠤ ᠭᠡᠷ ᠪᠦᠯᠢ ᠶᠢᠨ ᠵᠢᠯ ᠤᠨ ᠤᠷᠤᠯᠭ᠎ᠠ ᠶᠢᠨ ᠲᠤᠭᠠᠴᠠᠭ᠎ᠠ ᠶᠢᠨ ᠬᠠᠰᠤᠭᠳᠠᠯ ᠤᠨ ᠮᠦᠩᠬᠦᠨ ᠤ ᠲᠤᠭ᠎ᠠ = ᠳᠡᠭᠡᠷ᠎ᠡ ᠵᠢᠯ ᠤᠨ ᠳᠤᠰ ᠭᠠᠵᠠᠷ ᠤᠷᠤᠨ ᠤ ᠳᠠᠷᠢᠶᠠᠴᠢᠨ ᠮᠠᠯᠴᠢᠨ ᠤ ᠬᠦᠮᠦᠨ ᠳᠤᠮᠳᠠᠴᠢ  ᠶᠢᠨ ᠡᠵᠡᠮᠳᠡᠵᠦ ᠪᠤᠯᠬᠤ ᠤᠷᠤᠯᠭ᠎ᠠ × 0.2 × ᠭᠡᠷ ᠪᠦᠯᠢ ᠶᠢᠨ ᠪᠦᠷᠢᠯᠳᠦᠬᠦᠨ ᠤ ᠬᠦᠨᠳᠦ ᠡᠪᠡᠳᠴᠢᠨ ᠲᠠᠢ ᠪᠤᠶᠤ ᠬᠦᠨᠳᠦ ᠵᠡᠮᠳᠡᠭ ᠬᠦᠮᠦᠨ ᠤ ᠲᠤᠭ᠎ᠠ︔      ᠬᠤᠳᠠ ᠪᠠᠯᠭᠠᠰᠤᠨ ᠤ ᠬᠡᠷ ᠪᠦᠯᠢ ︵ᠬᠤᠳᠠ ᠪᠠᠯᠭᠠᠰᠤᠨ ᠳᠤ ᠰᠢᠯᠵᠢᠵᠦ ᠰᠠᠭᠤᠭᠰᠠᠨ ᠳᠠᠷᠢᠶᠠᠯᠠᠩ ᠤᠨ ᠡᠷᠦᠭᠡ ᠠᠮᠠ ᠲᠠᠢ ᠰᠠᠭᠤᠭᠠᠯᠢ ᠠᠷᠠᠳ ᠪᠠᠭᠳᠠᠨ᠎ᠠ︶ ᠶᠢᠨ ᠤᠷᠤᠯᠭ᠎ᠠ ᠶᠢᠨ ᠲᠤᠭᠠᠴᠠᠭ᠎ᠠ ᠶᠢᠨ ᠬᠠᠰᠤᠭᠳᠠᠯ ᠮᠦᠩᠬᠦᠨ  ᠤ ᠲᠤᠭ᠎ᠠ = ᠳᠡᠭᠡᠷ᠎ᠡ ᠵᠢᠯ ᠤᠨ ᠲᠤᠰ ᠭᠠᠵᠠᠷ ᠤᠷᠤᠨ ᠤ ᠰᠠᠷ᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ × 0.2 × ᠭᠡᠷ ᠪᠦᠯᠢ ᠶᠢᠨ ᠪᠦᠷᠢᠯᠳᠦᠬᠦᠨ ᠤ ᠬᠦᠨᠳᠦ ᠡᠪᠡᠳᠴᠢᠨ ᠲᠠᠢ ᠪᠤᠶᠤ ᠵᠡᠮᠳᠡᠭ ᠬᠦᠮᠦᠨ ᠤ ᠲᠤᠭ᠎ᠠ᠃      ⑵ ᠨᠠᠰᠤᠨ ᠳᠤ ᠬᠦᠷᠦᠭᠡᠳᠦᠢ ᠬᠦᠮᠦᠨ ᠲᠠᠢ ᠬᠠᠨᠢ ᠪᠠᠨ ᠠᠯᠳᠠᠭᠰᠠᠨ ᠦᠨᠦᠴᠢᠨ ᠦᠷᠦᠭᠡᠰᠦᠨ ᠭᠡᠷ ᠪᠦᠯᠢ ︵ᠲᠦᠷᠦᠯG2 ᠢ ᠬᠠᠰᠤᠨ᠎ᠠ︶︔ 60 ᠪᠦᠬᠦᠯᠢ ᠨᠠᠰᠤᠨ ᠠᠴᠠ ᠳᠡᠭᠡᠭᠰᠢ ᠬᠤᠷᠢᠮᠯᠠᠭᠠᠳᠤᠢ ︵ᠤᠷᠤᠭ ᠰᠠᠯᠤᠭᠰᠠᠨ ᠪᠤᠶᠤ ᠬᠠᠨᠢ ᠪᠠᠨ ᠠᠯᠳᠠᠭᠰᠠᠨ︶ ᠭᠤᠤᠨᠢ ᠪᠡᠶ᠎ᠡ ᠭᠡᠷ ᠪᠦᠯᠢ ︵ᠲᠦᠷᠦᠯ G3 ᠢ ᠬᠠᠰᠤᠨ᠎ᠠ︶︔ ᠬᠦᠬᠦᠬᠦᠯ ᠬᠤᠭᠤᠴᠠᠭᠠᠨ ᠳᠤ ᠪᠠᠶᠢᠭ᠎ᠠ ᠡᠮᠡᠭᠳᠡᠢ ᠲᠠᠢ ᠭᠡᠷ ᠪᠦᠯᠢ ︵ᠲᠦᠷᠦᠯ G4 ᠶᠢ ᠬᠠᠰᠤᠨ᠎ᠠ︶︔ ᠤᠯᠠᠨ ᠳᠠᠪᠬᠤᠷ ᠵᠡᠮᠳᠡᠭ ᠲᠠᠢ ᠭᠡᠷ ᠪᠦᠯᠢ ︵ᠲᠦᠷᠦᠯ 5 ᠶᠢ ᠬᠠᠰᠤᠨ᠎ᠠ︶︔ 70 ᠪᠦᠬᠦᠯᠢ ᠨᠠᠰᠤᠨ ᠠᠴᠠ ᠳᠡᠭᠡᠭᠰᠢᠬᠢ ᠨᠠᠰᠤᠳᠠᠢ ᠬᠦᠮᠦᠨ ᠲᠠᠢ ᠭᠡᠷ ᠪᠦᠯᠢ ︵ᠲᠦᠷᠦᠯ G6 ᠶᠢ ᠬᠠᠰᠤᠨ᠎ᠠ︶᠃      ᠬᠦᠳᠡᠭᠡ ᠲᠤᠰᠬᠤᠨ ᠤ ᠭᠡᠷ ᠪᠦᠯᠢ ᠶᠢᠨ ᠵᠢᠯ ᠤᠨ ᠤᠷᠤᠯᠭ᠎ᠠ ᠶᠢᠨ ᠲᠤᠭᠠᠴᠠᠭ᠎ᠠ ᠶᠢ ᠬᠠᠰᠤᠬᠤ ᠮᠦᠩᠬᠦᠨ ᠤ ᠲᠤᠭ᠎ᠠ = ᠳᠡᠭᠡᠷ᠎ᠡ ᠵᠢᠯ ᠤᠨ ᠲᠤᠰ ᠭᠠᠵᠠᠷ ᠤᠷᠤᠨ ᠤ ᠲᠠᠷᠢᠶᠠᠴᠢᠨ ᠮᠠᠯᠴᠢᠨ ᠤ ᠬᠦᠮᠦᠨ ᠲᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ × 0.2︔ ᠬᠤᠲᠠ ᠪᠠᠯᠭᠠᠰᠤᠨ ᠤ ᠭᠡᠷ ᠪᠦᠯᠢ ︵ᠬᠤᠲᠠ ᠪᠠᠯᠭᠠᠰᠤᠨ ᠳᠤ ᠰᠢᠯᠵᠢᠨ ᠰᠠᠭᠤᠭᠰᠠᠨ ᠬᠦᠳᠡᠭᠡ ᠲᠤᠰᠬᠤᠨ ᠤ ᠡᠷᠦᠭᠡ ᠠᠮᠠ ᠲᠠᠢ ᠰᠠᠭᠤᠭᠠᠯᠢ ᠠᠷᠠᠳ ᠪᠠᠭᠳᠠᠨ᠎ᠠ︶ ᠶᠢᠨ ᠤᠷᠤᠯᠭ᠎ᠠ ᠶᠢ ᠬᠠᠰᠤᠬᠤ ᠮᠦᠩᠬᠦᠨ ᠤ ᠳᠤᠭ᠎ᠠ = ᠳᠡᠭᠡᠷ᠎ᠡ ᠵᠢᠯ ᠤᠨ ᠲᠤᠰ ᠭᠠᠵᠠᠷ ᠤᠷᠤᠨ ᠤ ᠰᠠᠷ᠎ᠠ ᠶᠢᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ × 0.2᠃      ᠳᠤᠳᠤᠷᠬᠠᠶᠢᠯᠠᠯᠳᠠ᠄ ① ᠲᠤᠰ ᠵᠦᠢᠯ ᠤᠨ G1 ᠲᠦᠷᠦᠯ ᠳᠠᠬᠢ ᠬᠦᠨᠳᠦ ᠡᠪᠡᠳᠴᠢᠨ ᠪᠤᠶᠤ ᠬᠦᠨᠳᠦ ᠵᠡᠮᠳᠡᠭ ᠢ G1᠂G2᠂ G3᠂ G4᠂ G5᠂ G6 ᠲᠦᠷᠦᠯ ᠤᠨ ᠬᠡᠳᠦᠨ ᠵᠦᠢᠯ ᠤᠨ ᠪᠠᠶᠢᠳᠠᠯ ᠲᠠᠢ ᠳᠠᠪᠬᠤᠴᠠᠭᠰᠠᠨ ᠪᠣᠯ᠂ ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠶᠢ ᠳᠠᠪᠬᠤᠴᠠᠭᠤᠯᠤᠨ ᠬᠠᠰᠤᠨ᠎ᠠ︔ G2᠂ G3᠂ G4᠂ G5᠂ G6 ᠲᠦᠷᠦᠯ ᠳᠠᠬᠢ ᠬᠡᠳᠦᠨ ᠵᠦᠢᠯ ᠤᠨ ᠪᠠᠶᠢᠳᠠᠯ ᠳᠠᠪᠬᠤᠴᠠᠭᠰᠠᠨ ᠭᠡᠷ ᠪᠦᠯᠢ ᠳᠤ᠂ ᠵᠦᠪᠭᠡᠨ 1 ᠤᠳᠠᠭᠠᠨ ᠤ ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠶᠢ ᠬᠠᠰᠤᠵᠤ ᠠᠪᠤᠨ᠎ᠠ᠃     ② ᠤᠯᠠᠨ ᠳᠠᠪᠬᠤᠷ ᠵᠡᠮᠳᠡᠭ ᠬᠦᠮᠦᠨ ᠢ ᠤᠷᠢᠳᠠᠪᠠᠷ ᠤᠯᠠᠨ ᠳᠠᠪᠬᠤᠷ ᠵᠡᠮᠳᠡᠭ ᠳᠠᠬᠢ ᠵᠡᠮᠳᠡᠭ ᠤᠨ ᠬᠡᠮᠵᠢᠶ᠎ᠡ  ᠨᠢ ᠮᠠᠰᠢ ᠬᠦᠨᠳᠦ ᠪᠠᠷ ᠬᠤᠪᠢ ᠬᠦᠮᠦᠨ ᠤ ᠬᠦᠳᠡᠯᠮᠦᠷᠢ ᠬᠦᠴᠦᠨ ᠤ ᠢᠯᠡᠳᠭᠡᠮᠵᠢ ᠪᠠᠷ ᠬᠠᠷᠭᠤᠭᠤᠯᠤᠨ ᠲᠤᠭᠳᠠᠭᠠᠵᠤ᠂ ᠤᠷᠤᠯᠭ᠎ᠠ ᠶᠢ ᠨᠢ ᠬᠠᠷᠭᠤᠭᠤᠯᠤᠨ ᠪᠤᠳᠤᠵᠤ᠂ ᠳᠠᠷᠠᠭ᠎ᠠ ᠨᠢ ᠳᠡᠭᠡᠷ᠎ᠡ ᠳᠤᠷᠠᠳᠤᠭᠰᠠᠨ ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠠᠴᠠ ᠬᠠᠰᠤᠵᠤ ᠠᠪᠴᠤ ᠪᠤᠳᠤᠨ᠎ᠠ᠃      2. ᠭᠡᠷ ᠪᠦᠯᠢ ᠶᠢᠨ ᠤᠷᠤᠯᠭ᠎ᠠ ᠶᠢᠨ ᠬᠠᠷᠭᠤᠭᠤᠯᠤᠨ ᠲᠤᠭᠳᠠᠭᠠᠬᠤ ᠨᠦᠬᠦᠪᠦᠷᠢ ᠲᠤᠳᠤᠷᠬᠠᠶᠢᠯᠠᠯᠳᠠ      ᠬᠡᠯᠡᠯᠴᠡᠭᠡᠷ ᠤᠨ ᠪᠢᠴᠢᠭ᠂ ᠳᠠᠰᠤᠯᠤᠯᠳᠠ ᠶᠢᠨ ᠪᠢᠴᠢᠭ᠂ ᠰᠢᠬᠦᠨ ᠲᠠᠰᠤᠯᠤᠯᠳᠠ ᠶᠢᠨ ᠪᠢᠴᠢᠭ ᠵᠡᠷᠭᠡ ᠤᠷᠤᠯᠭ᠎ᠠ ᠶᠢᠨ ᠪᠦᠲᠦᠮᠵᠢᠳᠡᠢ ᠭᠡᠷᠡᠴᠢ ᠭᠠᠷᠭᠠᠵᠤ ᠳᠡᠶᠢᠯᠪᠡᠯ᠂ ᠬᠡᠷᠡᠴᠢᠯᠡᠯᠳᠡ ᠪᠠᠷ ᠵᠤᠬᠢᠴᠠᠩᠭᠤᠢ ᠤᠷᠤᠯᠭ᠎ᠠ ᠶᠢ ᠨᠢ ᠪᠤᠳᠤᠨ᠎ᠠ᠃ ᠪᠦᠲᠦᠮᠵᠢᠳᠡᠢ ᠬᠡᠷᠡᠴᠢᠯᠡᠯᠳᠡ ᠬᠠᠩᠭᠠᠵᠤ ᠳᠡᠶᠢᠯᠬᠦ ᠦᠭᠡᠢ ᠪᠣᠯ᠂ ᠳᠡᠭᠡᠷ᠎ᠡ ᠳᠤᠷᠠᠳᠤᠭᠰᠠᠨ ᠠᠷᠭ᠎ᠠ ᠮᠠᠶ᠋ᠢᠭ  ᠢᠶᠠᠷ ᠬᠠᠮᠢᠶ᠎ᠠ ᠪᠦᠬᠦᠢ ᠤᠷᠤᠯᠭ᠎ᠠ ᠶᠢ ᠬᠠᠷᠭᠤᠭᠤᠯᠤᠨ ᠪᠤᠳᠤᠨ᠎ᠠ᠃ ᠭᠡᠷᠪᠡ ᠡᠰᠡᠷᠬᠦᠴᠡᠭᠳᠡᠰᠢ ᠦᠭᠡᠢ ᠰᠢᠯᠳᠠᠭᠠᠨ ᠠᠴᠠ ᠪᠤᠯᠵᠤ ᠭᠡᠷ ᠪᠦᠯᠢ ᠶᠢᠨ ᠤᠷᠤᠯᠭ᠎ᠠ ᠶᠢ ᠪᠠᠷᠢᠮᠵᠢᠶ᠎ᠠ ᠳᠤ ᠦᠯᠦ ᠬᠦᠷᠦᠭᠰᠡᠨ ᠵᠢᠴᠢ ᠳᠡᠭᠡᠷᠡᠬᠢ ᠤᠷᠤᠯᠭ᠎ᠠ ᠶᠢᠨ ᠲᠦᠷᠦᠯ ᠵᠦᠢᠯ ᠤᠨ ᠬᠡᠪᠴᠢᠶᠡᠨ ᠳᠤ ᠦᠯᠦ ᠵᠢᠭᠰᠠᠭᠠᠭᠰᠠᠨ ᠪᠤᠰᠤᠳ ᠤᠷᠤᠯᠭ᠎ᠠ ᠲᠠᠢ ᠪᠤᠯᠭᠠᠭᠰᠠᠨ ᠪᠣᠯ᠂ ᠭᠡᠷ ᠪᠦᠯᠢ ᠶᠢᠨ ᠤᠷᠤᠯᠭ᠎ᠠ ᠶᠢ ᠨᠢ ᠬᠡᠷᠡᠴᠢᠯᠡᠯᠳᠡ ᠰᠤᠨᠤᠰᠬᠤ ᠦᠨᠡᠯᠡᠨ ᠵᠦᠪᠯᠡᠬᠦ ᠬᠤᠷᠠᠯ ᠢᠶᠠᠷ ᠪᠠᠶᠢᠳᠠᠯ ᠢ ᠨᠢ ᠦᠵᠡᠵᠦ ᠪᠠᠶᠢᠭᠠᠳ ᠦᠨᠡᠯᠡᠨ ᠮᠠᠭᠠᠳᠯᠠᠨ ᠳᠤᠭᠳᠠᠭᠠᠨ᠎ᠠ᠃      3. ᠭᠡᠷ ᠪᠦᠯᠢ ᠶᠢᠨ ᠤᠷᠤᠯᠭ᠎ᠠ ᠳᠤ ᠪᠤᠳᠤᠵᠤ ᠤᠷᠤᠭᠤᠯᠬᠤ ᠦᠭᠡᠢ ᠳᠤᠳᠤᠷᠬᠠᠶᠢᠯᠠᠯᠳᠠ ᠬᠠᠷᠠᠭᠠᠯᠵᠠᠬᠤ ᠡᠳᠡᠭᠡᠳ ᠤᠨ ᠨᠦᠬᠦᠪᠦᠷᠢ ᠮᠦᠩᠬᠦ᠂ ᠠᠯᠪᠠᠨ ᠶᠠᠪᠤᠳᠠᠯ ︵ᠠᠵᠢᠯ︶ ᠠᠴᠠ ᠪᠤᠯᠤᠭᠰᠠᠨ ᠦᠬᠦᠯ ᠰᠢᠷᠬᠠᠳᠤᠯ ᠤᠨ ᠨᠢᠭᠡ ᠯᠠ ᠤᠳᠠᠭ᠎ᠠ ᠶᠢᠨ ᠠᠰᠠᠷᠠᠮᠵᠢ ᠶᠢᠨ ᠮᠦᠩᠬᠦ᠂ 60 ᠪᠦᠬᠦᠯᠢ ᠨᠠᠰᠤᠨ ᠠᠴᠠ ᠳᠡᠭᠡᠭᠰᠢᠬᠢ ᠨᠡᠶᠢᠭᠡᠮ ᠤᠨ ᠨᠠᠰᠤᠵᠢᠯ ᠤᠨ ᠳᠠᠭᠠᠳᠬᠠᠯ ᠤᠨ ᠮᠦᠩᠬᠦ᠂ ᠦᠨᠳᠦᠷ ᠨᠠᠰᠤᠨ ᠤ ᠨᠡᠮᠡᠬᠦᠷᠢ᠂ ᠭᠠᠮᠰᠢᠭ ᠠᠴᠠ ᠠᠪᠤᠷᠠᠬᠤ ᠳᠡᠳᠬᠦᠮᠵᠢ ᠵᠤᠭᠤᠰ ᠪᠤᠳᠠᠰ ᠵᠡᠷᠭᠡ ᠶᠢᠨ ᠨᠢᠭᠡ ᠯᠠ ᠤᠳᠠᠭᠠᠨ ᠤ ᠲᠦᠷ ᠴᠠᠭ ᠤᠨ ᠠᠪᠤᠷᠠᠨ ᠲᠤᠰᠠᠯᠠᠯᠳᠠ ᠵᠢᠴᠢ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠨ ᠲᠤᠭᠳᠠᠭᠠᠭᠰᠠᠨ ᠪᠤᠰᠤᠳ ᠭᠡᠷ ᠤᠨ ᠤᠷᠤᠯᠭ᠎ᠠ ᠳᠤ ᠦᠯᠦ ᠤᠷᠤᠯᠠᠭᠤᠯᠵᠤ ᠪᠤᠳᠤᠬᠤ ᠲᠦᠷᠦᠯ ᠵᠦᠢᠯ᠃      ᠭᠤᠷᠪᠠ᠂ ᠨᠠᠭᠠᠳᠤ ᠵᠠᠬ᠎ᠠ ᠶᠢᠨ ᠪᠠᠳᠤᠯᠠᠭᠠᠨ ᠤ ᠭᠡᠷ ᠪᠦᠯᠢ ᠶᠢᠨ ᠵᠠᠷᠤᠯᠭ᠎ᠠ ᠶᠢᠨ ᠮᠠᠭᠠᠳᠯᠠᠨ ᠳᠤᠭᠳᠠᠭᠠᠯᠳᠠ  ᠶᠢᠨ ᠠᠮᠠ ᠰᠡᠭᠡᠷ ᠢ ᠨᠢᠭᠡᠳᠭᠡᠨ᠎ᠡ      1. ᠲᠤᠤᠷ᠎ᠠ ᠵᠢᠭᠰᠠᠭᠠᠭᠰᠠᠨ ᠪᠠᠶᠢᠳᠠᠯ ᠲᠠᠢ ᠡᠮ ᠡᠮᠨᠡᠯᠭᠡ ᠶᠢᠨ ᠰᠦᠢᠳᠭᠡᠯ ᠢᠶᠠᠷ ᠭᠡᠷ ᠪᠦᠯᠢ ᠶᠢᠨ ᠡᠷᠭᠡᠪᠰᠢ  ᠶᠢᠨ ᠴᠢᠨᠠᠷ ᠪᠦᠬᠦᠢ ᠵᠠᠷᠤᠯᠭ᠎ᠠ ᠪᠤᠯᠭᠠᠨ᠎ᠠ᠃ ᠲᠤᠤᠷ᠎ᠠ ᠵᠢᠭᠰᠠᠭᠠᠭᠰᠠᠨ ᠪᠠᠶᠢᠳᠠᠯ ᠲᠠᠢ ᠭᠡᠷ ᠪᠦᠯᠢ ᠶᠢᠨ ᠵᠠᠷᠤᠯᠭ᠎ᠠ ᠶᠢ ᠡᠷᠭᠡᠪᠰᠢ ᠶᠢᠨ ᠴᠢᠨᠠᠷ ᠪᠦᠬᠦᠢ ᠵᠠᠷᠤᠯᠭ᠎ᠠ ᠶᠢᠨ ᠬᠦᠷᠢᠶ᠎ᠡ ᠬᠡᠪᠴᠢᠶᠡᠨ ᠳᠤ ᠤᠷᠤᠭᠤᠯᠵᠤ᠂ ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠳᠤᠮᠳᠠ ᠠᠴᠠ ᠬᠠᠰᠤᠵᠤ ᠠᠪᠤᠨ᠎ᠠ᠃      ⑴ ᠳᠡᠭᠡᠷ᠎ᠡ ᠵᠢᠯ ᠠᠴᠠ ᠨᠠᠰᠢᠬᠢ᠂ ᠬᠦᠨᠳᠦ ᠡᠪᠡᠳᠴᠢᠨ ᠢᠶᠠᠷ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠬᠦᠯᠦᠭᠰᠡᠨ ᠬᠤᠪᠢ ᠬᠦᠮᠦᠨ ᠤ ᠪᠤᠳᠠᠳᠠᠢ ᠦᠪᠡᠷᠳᠡᠭᠡᠨ ᠦᠭᠭᠦ ᠬᠡᠰᠡᠭ ᠤᠨ ᠡᠮ ᠡᠮᠨᠡᠯᠭᠡ ᠶᠢᠨ ᠰᠦᠢᠳᠭᠡᠯ︔      ⑵ ᠳᠡᠭᠡᠷ᠎ᠡ ᠵᠢᠯ ᠠᠴᠠ ᠨᠠᠰᠢᠬᠢ᠂ ᠤᠵᠢᠭ ᠡᠪᠡᠳᠴᠢᠨ ᠢᠶᠠᠷ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠭᠦᠯᠦᠭᠰᠡᠨ ᠬᠤᠪᠢ ᠬᠦᠮᠦᠨ ᠤ ᠪᠤᠳᠠᠳᠠᠢ ᠦᠪᠡᠷᠳᠡᠭᠡᠨ ᠦᠭᠭᠦ ᠬᠡᠰᠡᠭ ᠤᠨ ᠡᠮ ᠡᠮᠨᠡᠯᠭᠡ ᠶᠢᠨ ᠵᠠᠷᠤᠳᠠᠯ︔      ⑶ ᠳᠡᠭᠡᠷ᠎ᠡ ᠵᠢᠯ ᠠᠴᠠ ᠨᠠᠰᠢᠬᠢ᠂ ᠬᠡᠷ ᠤᠨ ᠢᠵᠢᠯᠢ ᠨᠢᠭᠡ ᠪᠦᠷᠢᠯᠳᠦᠬᠦᠨ ᠨᠢ ᠬᠤᠶᠠᠷ ᠤᠳᠠᠭ᠎ᠠ ᠪᠤᠶᠤ ᠬᠤᠶᠠᠷ ᠤᠳᠠᠭ᠎ᠠ ᠠᠴᠠ ᠳᠡᠭᠡᠭᠰᠢ ᠪᠤᠰᠤᠳ ᠡᠪᠡᠳᠴᠢᠨ ᠢᠶᠠᠷ ᠡᠮᠨᠡᠯᠭᠡ ᠶᠢᠨ ᠬᠤᠷᠢᠶᠠᠨ ᠳᠤ ᠰᠠᠭᠤᠵᠤ᠂ ᠬᠤᠪᠢ ᠬᠦᠮᠦᠨ ᠨᠢ ᠪᠤᠳᠠᠳᠠᠢ ᠦᠪᠡᠷᠳᠡᠭᠡᠨ ᠦᠭᠭᠦ ᠬᠡᠰᠡᠭ ᠨᠡᠶᠢᠳᠡ 10000 ᠲᠦᠭᠦᠷᠢᠭ ︵ᠪᠠᠭᠳᠠᠨ᠎ᠠ︶ ᠠᠴᠠ ᠳᠡᠭᠡᠭᠰᠢᠬᠢ ᠡᠮ ᠡᠮᠨᠡᠯᠭᠡ ᠶᠢᠨ ᠰᠦᠢᠳᠭᠡᠯ᠃      ᠲᠡᠷᠭᠡᠨ ᠬᠡᠨᠡᠳᠡᠯ᠂ ᠬᠤᠤᠷ ᠳᠠᠳᠠᠭᠰᠠᠨ᠂ ᠦᠪᠡᠷᠳᠡᠭᠡᠨ ᠵᠡᠮᠳᠡᠭ ᠪᠤᠯᠤᠭᠰᠠᠨ ᠵᠡᠷᠭᠡ ᠡᠮᠨᠡᠯᠭᠡ ᠶᠢᠨ ᠳᠠᠭᠠᠳᠬᠠᠯ  ᠢᠶᠠᠷ ᠡᠰᠡ ᠳᠠᠩᠰᠠ ᠴᠠᠶᠢᠯᠭᠠᠬᠤ ᠡᠮ ᠡᠮᠨᠡᠯᠭᠡ ᠶᠢᠨ ᠰᠦᠢᠳᠭᠡᠯ ᠵᠢᠴᠢ ᠭᠡᠷ ᠪᠦᠯᠢ ᠶᠢᠨ ᠢᠵᠢᠯᠢ ᠨᠢᠭᠡᠨ ᠪᠦᠷᠢᠯᠳᠦᠬᠦᠨ ᠤ ᠳᠡᠭᠡᠷ᠎ᠡ ᠵᠢᠯ ᠠᠴᠠ ᠨᠠᠰᠢᠬᠢ ᠵᠦᠪᠭᠡᠨ ᠡᠪᠡᠳᠴᠢᠯᠡᠵᠦ ᠨᠢᠭᠡ ᠯᠠ ᠤᠳᠠᠭ᠎ᠠ ᠡᠮᠨᠡᠯᠭᠡ ᠶᠢᠨ ᠬᠤᠷᠢᠶᠠᠨ  ᠳᠤ ᠰᠠᠭᠤᠭᠰᠠᠨ ᠮᠦᠷᠳᠡᠭᠡᠨ ᠨᠢᠭᠡᠨᠳᠡ ᠡᠳᠡᠭᠡᠷᠡᠭᠰᠡᠨ ᠪᠣᠯ᠂ ᠡᠮ ᠡᠮᠨᠡᠯᠭᠡ ᠶᠢᠨ ᠰᠦᠢᠳᠭᠡᠯ ᠢ ᠨᠢ ᠭᠡᠷ ᠪᠦᠯᠢ ᠶᠢᠨ ᠡᠷᠭᠡᠪᠰᠢ ᠶᠢᠨ ᠴᠢᠨᠠᠷ ᠪᠦᠬᠦᠢ ᠵᠠᠷᠤᠯᠭ᠎ᠠ ᠶᠢᠨ ᠬᠦᠷᠢᠶ᠎ᠡ ᠬᠡᠪᠴᠢᠶᠡᠨ ᠳᠤ ᠤᠷᠤᠭᠤᠯᠬᠤ ᠦᠭᠡᠢ᠃     2. ᠰᠤᠷᠭᠠᠭᠤᠯᠢ ᠳᠤ ᠪᠠᠶᠢᠭ᠎ᠠ ᠰᠤᠷᠤᠭᠴᠢ ᠶᠢᠨ ᠰᠦᠢᠳᠭᠡᠯ ᠢ ᠭᠡᠷ ᠪᠦᠯᠢ ᠶᠢᠨ ᠡᠷᠬᠡᠪᠰᠢ ᠶᠢᠨ ᠴᠢᠨᠠᠷ ᠪᠦᠬᠦᠢ ᠵᠠᠷᠤᠯᠭ᠎ᠠ ᠪᠤᠯᠭᠠᠬᠤ ᠨᠦᠬᠦᠴᠡᠯ      ᠵᠡᠷᠭᠡᠪᠡᠷ ᠰᠤᠷᠭᠠᠭᠤᠯᠢ ᠳᠤ ᠪᠠᠶᠢᠭ᠎ᠠ ᠦᠨᠳᠦᠷ ᠳᠤᠮᠳᠠᠳᠤ ᠶᠢᠨ ᠰᠤᠷᠣᠭᠴᠢ ᠪᠠ ᠶᠡᠭᠡ ᠰᠤᠷᠭᠠᠭᠤᠯᠢ ᠶᠢᠨ ᠤᠶᠤᠳᠠᠨ ᠲᠠᠢ ᠪᠤᠶᠤ ᠶᠡᠭᠡ ᠰᠤᠷᠭᠠᠭᠤᠯᠢ ᠬᠤᠶᠠᠷ ᠠᠴᠠ ᠳᠡᠭᠡᠭᠰᠢ ᠤᠶᠤᠳᠠᠨ ᠲᠠᠢ ᠭᠡᠷ ᠪᠦᠯᠢ ᠳᠤ᠂ ᠵᠢᠯ ᠪᠤᠯᠭᠠᠨ 6000 ᠲᠦᠬᠦᠷᠢᠭ ᠢᠶᠠᠷ ᠭᠡᠷ ᠪᠦᠯᠢ ᠶᠢᠨ ᠲᠤᠭᠠᠴᠠᠭ᠎ᠠ ᠶᠢᠨ ᠤᠷᠤᠯᠭ᠎ᠠ ᠶᠢ ᠨᠢ ᠬᠠᠰᠤᠵᠤ ᠠᠪᠤᠨ᠎ᠠ᠃      ᠲᠦᠷᠪᠡ᠂ ᠨᠠᠭᠠᠳᠤ ᠵᠠᠬ᠎ᠠ ᠶᠢᠨ ᠪᠠᠳᠤᠯᠠᠭᠠᠨ ᠤ ᠭᠡᠷ ᠪᠦᠯᠢ ᠶᠢᠨ ᠭᠤᠶᠤᠴᠢᠯᠠᠯ ᠤᠨ ᠴᠤᠪᠤᠷᠠᠯ      ︵ᠨᠢᠭᠡ︶ ᠭᠤᠶᠤᠴᠢᠯᠠᠯ ᠢ ᠬᠦᠢᠴᠡᠳᠭᠡᠬᠦ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠨᠢ ᠭᠤᠶᠤᠴᠢᠯᠠᠯ ᠢ ᠤᠯᠵᠤ ᠠᠪᠤᠭᠰᠠᠨ ᠤ ᠳᠠᠷᠠᠭ᠎ᠠ᠂ ᠴᠠᠭ ᠲᠤᠬᠠᠢ ᠳᠤ ᠨᠢ ᠬᠦᠢᠴᠡᠳᠭᠡᠵᠦ ︵ᠨᠠᠭᠠᠳᠤ ᠵᠠᠬ᠎ᠠ ᠶᠢᠨ ᠪᠠᠲᠤᠯᠠᠭᠠᠨ ᠤ ᠲᠦᠷᠦᠯ ᠢᠯᠭᠠᠯ ᠢ ᠬᠤᠪᠢᠷᠠᠭᠤᠯᠬᠤ ᠭᠤᠶᠤᠴᠢᠯᠠᠯ ᠪᠠᠭᠳᠠᠨ᠎ᠠ︶᠃ ᠵᠦᠢ ᠵᠤᠬᠢᠰᠳᠠᠢ ᠰᠢᠯᠳᠠᠭᠠᠨ ᠦᠭᠡᠢ ᠪᠠᠷ ᠳᠡᠪᠴᠢᠵᠦ ᠪᠤᠯᠬᠤ ᠦᠭᠡᠢ᠃ ᠭᠤᠶᠤᠴᠢᠯᠠᠭᠴᠢ ᠨᠢ ᠨᠠᠭᠠᠳᠤ ᠵᠠᠬ᠎ᠠ ᠶᠢᠨ ᠪᠠᠲᠤᠯᠠᠭ᠎ᠠ ᠶᠢ ᠬᠦᠢᠴᠡᠳᠭᠡᠵᠦ ᠪᠠᠶᠢᠭ᠎ᠠ ᠬᠦᠮᠦᠨ ᠪᠠ ᠲᠤᠰᠬᠤᠨ ᠤ ᠰᠠᠭᠤᠭᠠᠯᠢ ᠠᠷᠠᠳ ᠤᠨ ᠵᠦᠪᠯᠡᠯ ᠲᠠᠢ ᠤᠶᠢᠷ᠎ᠠ ᠲᠦᠷᠦᠯ ᠰᠠᠳᠤᠨ ᠤ ᠬᠠᠷᠢᠴᠠᠭ᠎ᠠ ᠲᠠᠢ ᠪᠠᠶᠢᠬᠤ ᠪᠠᠨ ᠡᠷᠬᠡᠪᠰᠢ ᠦᠨᠡᠨ ᠢᠶᠠᠷ ᠳᠤᠳᠤᠷᠬᠠᠶᠢᠯᠠᠬᠤ ᠬᠡᠷᠡᠭᠳᠡᠢ᠃      ᠬᠤᠳᠠ ᠪᠠᠯᠭᠠᠰᠤᠨ ᠤ ᠨᠠᠭᠠᠳᠤ ᠵᠠᠬ᠎ᠠ ᠶᠢᠨ ᠪᠠᠳᠤᠯᠠᠭ᠎ᠠ ᠶᠢ ᠭᠤᠶᠤᠴᠢᠯᠠᠭᠰᠠᠨ ᠭᠡᠷ ᠪᠦᠯᠢ ᠶᠢᠨ ᠡᠷᠦᠭᠡ ᠠᠮᠠ  ᠨᠢ ᠪᠠᠶᠢᠭ᠎ᠠ ᠭᠠᠵᠠᠷ ᠨᠢ ᠪᠠᠶᠢᠩᠭᠤ ᠰᠠᠭᠤᠭ᠎ᠠ ᠭᠠᠵᠠᠷ ︵ᠡᠷᠭᠡᠳᠦ ᠠᠷᠠᠳ ᠰᠠᠭᠤᠭ᠎ᠠ ᠭᠠᠵᠠᠷ ᠠᠴᠠ ᠰᠠᠯᠤᠭᠰᠠᠨ ᠪᠣᠯ ᠬᠠᠮᠤᠭ ᠰᠡᠬᠦᠯ ᠤᠨ 6 ᠰᠠᠷ᠎ᠠ ᠠᠴᠠ ᠳᠡᠭᠡᠭᠰᠢ ᠦᠷᠬᠦᠯᠵᠢᠯᠡᠨ ᠰᠠᠭᠤᠭᠰᠠᠨ ᠭᠠᠵᠠᠷ ᠤᠷᠤᠨ ᠨᠢ ᠪᠠᠶᠢᠩᠭᠤ ᠰᠠᠭᠤᠭ᠎ᠠ ᠭᠠᠵᠠᠷ ᠪᠤᠯᠤᠨ᠎ᠠ︶ ᠨᠢᠭᠡᠳᠦᠯ ᠦᠭᠡᠢ ᠪᠣᠯ᠂ ᠬᠦᠮᠦᠨ ᠡᠷᠦᠭᠡ ᠰᠠᠯᠤᠭᠰᠠᠨ ᠢᠶᠠᠷ ᠦᠵᠡᠨ᠎ᠡ᠃ ᠡᠯ᠎ᠡ ᠰᠢᠶᠠᠩ ᠪᠠᠯᠭᠠᠰᠤᠨ ᠤ ᠬᠦᠮᠦᠨ ᠡᠷᠦᠭᠡ ᠰᠠᠯᠤᠭᠰᠠᠨ ᠭᠡᠷ ᠪᠦᠯᠢ ᠨᠢ ᠡᠷᠦᠭᠡ ᠠᠮᠠ ᠪᠠᠶᠢᠭ᠎ᠠ ᠭᠠᠵᠠᠷ ᠲᠤ ᠪᠠᠨ ᠪᠤᠴᠠᠵᠤ ᠨᠠᠭᠠᠳᠤ ᠵᠠᠬ᠎ᠠ ᠶᠢᠨ ᠪᠠᠳᠤᠯᠠᠭ᠎ᠠ ᠭᠤᠶᠤᠴᠢᠯᠠᠪᠠᠯ᠂ ᠪᠠᠶᠢᠩᠭᠤ ᠰᠠᠭᠤᠭ᠎ᠠ ᠭᠠᠵᠠᠷ ᠠᠴᠠ ᠲᠡᠬᠦᠨ ᠤ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠪᠠ ᠭᠡᠷ ᠪᠦᠯᠢ ᠶᠢᠨ ᠪᠦᠷᠢᠯᠳᠦᠬᠦᠨ ᠳᠤ ᠤᠷᠤᠯᠭ᠎ᠠ ᠶᠢᠨ ᠬᠠᠷᠭᠤᠭᠤᠯᠤᠨ ᠪᠠᠶᠢᠴᠠᠭᠠᠯᠳᠠ ᠬᠢᠵᠦ᠂ ᠭᠡᠷ ᠪᠦᠯᠢ ᠶᠢᠨ ᠰᠠᠭᠤᠭ᠎ᠠ ᠭᠠᠵᠠᠷ ᠤᠨ ᠬᠠᠶ᠋ᠢᠭ᠂ ᠬᠠᠷᠢᠯᠴᠠᠬᠤ ᠠᠷᠭ᠎ᠠ ᠮᠠᠶ᠋ᠢᠭ᠂ ᠭᠡᠷ ᠪᠦᠯᠢ ᠶᠢᠨ ᠤᠷᠤᠯᠭ᠎ᠠ ᠶᠢᠨ ᠪᠠᠶᠢᠳᠠᠯ᠂ ᠤᠷᠤᠨ ᠰᠠᠭᠤᠴᠠ ︵ᠦᠪᠡᠷᠳᠡᠭᠡᠨ ᠪᠠᠶᠢᠬᠤ᠂ ᠳᠦᠷᠢᠶᠡᠰᠦᠯᠡᠭᠰᠡᠨ︶ ᠵᠡᠷᠭᠡ ᠡᠳ᠋ ᠬᠦᠷᠦᠩᠭᠡ ᠶᠢᠨ ᠪᠠᠶᠢᠳᠠᠯ ᠤᠨ ᠭᠡᠷᠡᠴᠢᠯᠡᠯᠳᠡ ᠭᠠᠷᠭᠠᠭᠤᠯᠵᠤ᠂ ᠭᠠᠴᠠᠭ᠎ᠠ ᠲᠤᠰᠬᠤᠨ ︵ᠰᠠᠭᠤᠭᠠᠯᠢ︶ ᠤ ᠬᠠᠷᠢᠭᠤᠴᠠᠯᠭᠠᠳᠠᠨ ᠢᠶᠠᠷ ᠭᠠᠷ ᠤᠨ ᠦᠰᠦᠭ ᠵᠢᠷᠤᠭᠤᠯᠵᠤ ᠳᠠᠮᠠᠭ᠎ᠠ ᠳᠠᠷᠤᠭᠤᠯᠬᠤ ᠴᠢᠬᠤᠯᠠ ᠲᠠᠢ᠃      ᠨᠠᠭᠠᠳᠤ ᠵᠠᠬ᠎ᠠ ᠶᠢᠨ ᠪᠠᠳᠤᠯᠠᠭ᠎ᠠ ᠶᠢ ᠭᠤᠶᠤᠴᠢᠯᠠᠬᠤ ᠭᠡᠷ ᠪᠦᠯᠢ ᠳᠤᠤᠷᠠᠬᠢ ᠮᠠᠲ᠋ᠧᠷᠢᠶᠠᠯ ᠢ ᠬᠠᠩᠭᠠᠬᠤ ᠴᠢᠬᠤᠯᠠ ᠲᠠᠢ᠄     1. ᠭᠡᠷ ᠪᠦᠯᠢ ᠶᠢᠨ ᠡᠷᠦᠭᠡ ᠠᠮᠠ ᠶᠢᠨ ᠳᠡᠪᠳᠡᠷ ᠪᠠ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ᠤᠭ ᠵᠦᠢᠯ ᠪᠠ ᠬᠠᠭᠤᠯᠪᠤᠷᠢ᠃     2. ᠭᠡᠷ ᠪᠦᠯᠢ ᠶᠢᠨ ᠤᠷᠤᠯᠭ᠎ᠠ ᠶᠢ ᠬᠡᠷᠡᠴᠢᠯᠡᠭᠰᠡᠨ ᠮᠠᠲ᠋ᠧᠷᠢᠶᠠᠯ ︵ᠡᠬᠦᠨ ᠳᠤ ᠨᠢᠭᠡ ᠺᠠᠷᠲ ᠪᠠᠷ ᠨᠡᠪᠳᠡᠷᠡᠬᠦᠯᠦᠨ ᠤᠯᠭᠤᠭᠰᠠᠨ ᠤᠯᠤᠰ ᠤᠨ ᠡᠯ᠎ᠡ ᠵᠦᠢᠯ ᠤᠨ ᠳᠠᠷᠢᠶᠠᠴᠢᠨ ᠮᠠᠯᠴᠢᠨ ᠳᠤ ᠠᠰᠢᠭ ᠬᠦᠷᠳᠡᠭᠡᠬᠦ ᠨᠦᠬᠦᠪᠤᠷᠢ ᠶᠢᠨ ᠪᠡᠯᠡ ᠮᠦᠩᠬᠦ ᠵᠡᠷᠭᠡ ᠤᠷᠤᠯᠭ᠎ᠠ ᠶᠢᠨ ᠬᠡᠷᠡᠴᠢᠯᠡᠯᠳᠡ ᠶᠢ ᠰᠢᠶᠠᠩ ᠪᠠᠯᠭᠠᠰᠤᠨ ᠤ ᠠᠷᠠᠳ ᠤᠨ ᠵᠠᠰᠠᠭ  ᠤᠨ ᠤᠷᠳᠤᠨ ᠠᠴᠠ ᠨᠢᠭᠡᠳᠦᠯᠳᠡᠢ ᠭᠠᠷᠭᠠᠵᠤ ᠦᠭᠭᠦᠨ᠎ᠡ︶᠃     3. ᠬᠦᠨᠳᠦ ᠡᠪᠡᠳᠴᠢᠨ᠂ ᠤᠵᠢᠭ ᠡᠪᠡᠳᠴᠢᠨ ᠳᠤ ᠨᠡᠷᠪᠡᠭᠳᠡᠭᠰᠡᠨ ᠵᠢᠴᠢ ᠳᠡᠭᠡᠷ᠎ᠡ ᠵᠢᠯ ᠠᠴᠠ ᠨᠠᠰᠢ ᠭᠡᠷ ᠪᠦᠯᠢ ᠶᠢᠨ ᠢᠵᠢᠯᠢ ᠨᠢᠭᠡᠨ ᠪᠦᠷᠢᠯᠳᠦᠬᠦᠨ ᠨᠢ ᠬᠤᠶᠠᠷ ᠤᠳᠠᠭ᠎ᠠ ᠪᠤᠶᠤ ᠬᠤᠶᠠᠷ ᠠᠴᠠ ᠳᠡᠭᠡᠭᠰᠢ ᠤᠳᠠᠭ᠎ᠠ ᠪᠤᠰᠤᠳ ᠡᠪᠡᠳᠴᠢᠨ ᠳᠤ ᠨᠡᠷᠪᠡᠭᠳᠡᠭᠰᠡᠨ ᠪᠣᠯ᠂ ᠦᠪᠡᠷᠳᠡᠭᠡᠨ ᠦᠭᠭᠦ ᠬᠡᠰᠡᠭ ᠤᠨ ᠡᠮ ᠡᠮᠨᠡᠯᠭᠡ ᠶᠢᠨ ᠰᠦᠢᠳᠭᠡᠯ ᠨᠢ 10000 ᠲᠦᠬᠦᠷᠢᠭ ᠠᠴᠠ ᠬᠡᠲᠦᠷᠡᠭᠰᠡᠨ ᠬᠦᠮᠦᠨ᠂ ᠡᠪᠡᠳᠴᠢᠨ ᠡᠮᠭᠡᠭ ᠤᠨ ᠬᠡᠷᠡᠴᠢᠯᠡᠯᠳᠡ ᠶᠢᠨ ᠮᠠᠲ᠋ᠧᠷᠢᠶᠠᠯ ᠬᠠᠩᠭᠠᠬᠤ ᠴᠢᠬᠤᠯᠠ ᠲᠠᠢ᠃      ⑴ ᠤᠨᠴᠠ ᠬᠦᠨᠳᠦ ᠡᠪᠡᠳᠴᠢᠨ ᠤ ᠡᠮ ᠡᠮᠨᠡᠯᠭᠡ ᠶᠢᠨ ᠰᠦᠢᠳᠭᠡᠯ ᠨᠢ ᠡᠮᠨᠡᠯᠭᠡ ᠶᠢᠨ ᠳᠠᠭᠠᠳᠬᠠᠯ ᠤᠨ ᠳᠠᠩᠰᠠ ᠴᠠᠶᠢᠯᠭᠠᠬᠤ ᠳᠤ ᠪᠠᠶᠢᠪᠠᠯ᠂ ᠤᠨᠤᠰᠢᠯᠠᠭᠰᠠᠨ ᠭᠡᠷᠡᠴᠢ᠂ ᠡᠪᠡᠳᠴᠢᠨ ᠤ ᠳᠡᠦᠭᠡ ᠶᠢᠨ ᠬᠠᠭᠤᠯᠪᠤᠷᠢ ᠪᠠ ᠡᠮ ᠡᠮᠨᠡᠯᠭᠡ ᠶᠢᠨ ᠰᠦᠢᠳᠭᠡᠯ ᠤᠨ ᠳᠠᠩᠰᠠ ᠴᠠᠶᠢᠯᠭᠠᠬᠤ ᠬᠠᠭᠤᠳᠠᠰᠤ ᠬᠠᠩᠭᠠᠬᠤ ᠬᠡᠷᠡᠭᠳᠡᠢ᠃      ⑵ ᠤᠵᠢᠭ ᠡᠪᠡᠳᠴᠢᠨ ᠳᠤ ᠬᠠᠩᠭᠠᠬᠤ ᠴᠢᠬᠤᠯᠠ ᠲᠠᠢ ᠬᠡᠷᠡᠴᠢᠯᠡᠭᠰᠡᠨ ᠮᠠᠲ᠋ᠧᠷᠢᠶᠠᠯ ︵ᠳᠤᠤᠷᠠᠬᠢ ᠶᠠᠮᠠᠷᠪᠠ ᠨᠢᠭᠡ ᠵᠦᠢᠯ︶᠄      —— ᠤᠵᠢᠭ ᠡᠪᠡᠳᠴᠢᠨ ᠳᠤ ᠨᠡᠷᠪᠡᠭᠳᠡᠭᠰᠡᠳ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠭᠦᠯᠦᠭᠰᠡᠨ ᠦᠭᠡᠢ ᠬᠦᠮᠦᠨ᠂ ᠬᠡᠪᠡᠴᠦ ᠰᠢᠶᠠᠨ ᠤ ᠡᠮᠨᠡᠯᠭᠡ ᠶᠢᠨ ᠳᠠᠭᠠᠳᠬᠠᠯ ᠤᠨ ᠳᠤᠪᠴᠢᠶᠠᠨ ᠳᠤ ᠤᠵᠢᠭ ᠡᠪᠡᠳᠴᠢᠨ ᠤ ᠨᠦᠬᠦᠪᠦᠷᠢ ᠶᠢᠨ ᠬᠦᠷᠳᠡᠭᠡᠮᠵᠢ ᠡᠳ᠋ᠯᠡᠬᠦ ᠪᠠᠷ ᠬᠢᠨᠠᠨ ᠵᠦᠪᠰᠢᠶᠡᠷᠡᠭᠳᠡᠭᠰᠡᠨ ᠪᠣᠯ᠂ ᠰᠢᠶᠠᠨ ᠤ ᠡᠮᠨᠡᠯᠭᠡ ᠶᠢᠨ ᠳᠠᠭᠠᠳᠬᠠᠯ  ᠤᠨ ᠳᠤᠪᠴᠢᠶᠠᠨ ᠤ ᠤᠵᠢᠭ ᠡᠪᠡᠳᠴᠢᠨ ᠤ ᠨᠦᠬᠦᠪᠦᠷᠢ ᠶᠢᠨ ᠭᠠᠷ ᠠᠪᠤᠯᠭ᠎ᠠ ᠶᠢ ᠬᠠᠩᠭᠠᠬᠤ ᠴᠢᠬᠤᠯᠠ ᠲᠠᠢ︔      —— ᠤᠵᠢᠭ ᠡᠪᠡᠳᠴᠢᠨ ᠳᠤ ᠨᠡᠷᠪᠡᠭᠳᠡᠭᠰᠡᠨ ᠨᠢᠭᠡᠨᠳᠡ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠬᠦᠯᠦᠭᠰᠡᠨ ᠬᠦᠮᠦᠨ ᠢ ᠤᠵᠢᠭ ᠡᠪᠡᠳᠴᠢᠨ ᠲᠠᠢ ᠪᠠᠷ ᠳᠤᠳᠤᠯᠠᠭᠰᠠᠨ ᠪᠣᠯ᠂ ᠡᠮ ᠡᠮᠨᠡᠯᠭᠡ ᠶᠢᠨ ᠰᠦᠢᠳᠭᠡᠯ ᠤᠨ ᠳᠠᠩᠰᠠ ᠴᠠᠶᠢᠯᠭᠠᠭᠰᠠᠨ ᠬᠠᠭᠤᠳᠠᠰᠤ ᠬᠠᠩᠭᠠᠬᠤ ᠴᠢᠬᠤᠯᠠ ᠲᠠᠢ︔ ᠤᠨᠴᠠᠭᠠᠢ ᠪᠠᠶᠢᠳᠠᠯ ᠠᠴᠠ ᠪᠤᠯᠵᠤ᠂ ᠡᠮᠨᠡᠯᠭᠡ ᠳᠤ ᠰᠠᠭᠤᠭᠰᠠᠨ ᠡᠮ ᠡᠮᠨᠡᠯᠭᠡ ᠶᠢᠨ ᠰᠦᠢᠳᠭᠡᠯ ᠢ ᠡᠮᠨᠡᠯᠭᠡ ᠶᠢᠨ ᠳᠠᠭᠠᠳᠬᠠᠯ ᠳᠤ ᠳᠠᠩᠰᠠ ᠴᠠᠶᠢᠯᠭᠠᠭᠰᠠᠨ ᠦᠭᠡᠢ ᠪᠣᠯ᠂ ᠡᠪᠡᠳᠴᠢᠨ ᠤ ᠳᠡᠦᠭᠡ ︵ᠬᠠᠭᠤᠯᠪᠤᠷᠢ ᠳᠡᠭᠡᠷ᠎ᠡ ᠠᠯᠪᠠᠨ ᠳᠠᠮᠠᠭ᠎ᠠ ᠳᠠᠷᠤᠭᠤᠯᠤᠭᠰᠠᠨ︶᠂ ᠤᠨᠤᠰᠢ ᠪᠢᠴᠢᠭ᠂ ᠡᠮ ᠡᠮᠨᠡᠯᠭᠡ ᠶᠢᠨ ᠰᠦᠢᠳᠭᠡᠯ ᠤᠨ ᠤᠭ ᠵᠦᠢᠯ ︵ᠬᠤᠤᠷ ᠳᠠᠳᠠᠭᠰᠠᠨ᠂ ᠳᠡᠷᠭᠡᠨ ᠬᠡᠨᠡᠳᠡᠯ ᠵᠡᠷᠭᠡ ᠰᠢᠯᠳᠠᠭᠠᠨ ᠠᠴᠠ ᠪᠤᠰᠤᠳ︶︔      —— ᠤᠵᠢᠭ ᠡᠪᠡᠳᠴᠢᠨ ᠳᠤ ᠨᠡᠷᠪᠡᠭᠳᠡᠭᠰᠡᠨ ᠨᠢ᠂ ᠡᠮᠨᠡᠯᠭᠡ ᠶᠢᠨ ᠳᠠᠭᠠᠳᠬᠠᠯ ᠤᠨ ᠤᠵᠢᠭ ᠡᠪᠡᠳᠴᠢᠨ ᠤ ᠨᠦᠬᠦᠪᠤᠷᠢ ᠶᠢᠨ ᠬᠦᠷᠳᠡᠭᠡᠮᠵᠢ ᠡᠳ᠋ᠯᠡᠭᠰᠡᠨ ᠦᠭᠡᠢ ᠮᠦᠷᠳᠡᠭᠡᠨ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠬᠦᠯᠦᠭᠰᠡᠨ ᠦᠭᠡᠢ ᠪᠣᠯ᠂ ᠡᠮᠨᠡᠯᠭᠡ ᠶᠢᠨ ᠳᠠᠭᠠᠳᠬᠠᠯ ᠤᠨ ᠳᠤᠪᠴᠢᠶᠠᠨ ᠤ ᠤᠵᠢᠭ ᠡᠪᠡᠳᠴᠢᠨ ᠤ ᠬᠢᠨᠠᠨ ᠵᠦᠪᠰᠢᠶᠡᠷᠡᠯ ᠳᠤ ᠬᠡᠷᠡᠭᠰᠡᠬᠦ ᠮᠠᠲ᠋ᠧᠷᠢᠶᠠᠯ ᠬᠠᠩᠭᠠᠵᠤ᠂ ᠤᠵᠢᠭ ᠡᠪᠡᠳᠴᠢᠨ ᠢ ᠬᠢᠨᠠᠨ ᠵᠦᠪᠰᠢᠶᠡᠷᠡᠬᠦᠯᠬᠦ ᠶᠠᠪᠤᠴᠠ ᠪᠠᠷ ᠬᠢᠨᠠᠨ ᠵᠦᠪᠰᠢᠶᠡᠷᠡᠭᠰᠡᠨ ᠤ ᠳᠠᠷᠠᠭ᠎ᠠ ᠨᠤᠳᠠᠯᠠᠨ᠎ᠠ᠃      ᠳᠠᠭᠠᠳᠬᠠᠯ ᠳᠤ ᠤᠷᠤᠯᠴᠠᠭᠰᠠᠨ ᠬᠤᠷᠰᠢᠭᠰᠠᠨ ᠡᠮᠨᠡᠯᠭᠡ ᠳᠤ ᠤᠷᠤᠯᠴᠠᠭᠰᠠᠨ ᠦᠭᠡᠢ ᠪᠠᠷ ᠡᠮᠨᠡᠯᠭᠡ ᠶᠢᠨ ᠬᠤᠷᠢᠶᠠᠨ ᠳᠤ ᠰᠠᠭᠤᠵᠤ ᠡᠮᠨᠡᠬᠦᠯᠦᠭᠰᠡᠨ ᠪᠠ ᠡᠬᠦᠳᠡᠨ ᠡᠮᠴᠢᠯᠡᠭᠡᠨ ᠤ ᠡᠮᠨᠡᠬᠦᠯᠬᠦ ᠳᠤ ᠳᠠᠩᠰᠠ ᠴᠠᠶᠢᠯᠭᠠᠭᠰᠠᠨ ᠦᠭᠡᠢ ᠬᠦᠨᠳᠦ ᠤᠵᠢᠭ ᠡᠪᠡᠳᠴᠢᠨ ᠳᠤ ᠨᠡᠷᠪᠡᠭᠳᠡᠭᠰᠡᠳ᠂ ᠠᠩᠬᠠᠨ ᠤ ᠤᠨᠤᠰᠢᠯ ᠪᠢᠴᠢᠭ᠂ ᠡᠪᠡᠳᠴᠢᠨ ᠤ ᠳᠡᠦᠭᠡ᠂ ᠡᠮ  ᠤᠨ ᠰᠦᠢᠳᠭᠡᠯ ᠤᠨ ᠬᠠᠭᠤᠳᠠᠰᠤ ᠪᠠᠷᠢᠮᠳᠠ ᠬᠠᠩᠭᠠᠬᠤ ᠴᠢᠬᠤᠯᠠ ᠲᠠᠢ ᠮᠦᠷᠳᠡᠭᠡᠨ ᠡᠮᠨᠡᠯᠭᠡ ᠶᠢᠨ ᠳᠠᠭᠠᠳᠬᠠᠯ ᠤᠨ ᠳᠤᠪᠴᠢᠶ᠎ᠠ ᠪᠠᠷ ᠬᠠᠮᠢᠶ᠎ᠠ ᠪᠦᠬᠦᠢ ᠬᠡᠷᠡᠴᠢᠯᠡᠯᠳᠡ ᠵᠦᠪᠰᠢᠶᠡᠷᠡᠬᠦᠯᠦᠨ ᠨᠤᠳᠠᠯᠠᠵᠤ ᠭᠠᠷᠭᠠᠵᠤ ᠦᠭᠭᠦᠭᠰᠡᠨ ᠮᠦᠷᠳᠡᠭᠡᠨ ᠬᠦᠳᠡᠯᠮᠦᠷᠢᠯᠡᠬᠦ ᠴᠢᠳᠠᠪᠤᠷᠢ ᠪᠠᠨ ᠪᠦᠷᠢᠮᠦᠰᠦᠨ ᠠᠯᠳᠠᠭᠰᠠᠨ ᠪᠤᠶᠤ ᠬᠡᠰᠡᠭ ᠠᠯᠳᠠᠭᠰᠠᠨ ᠪᠣᠯ᠂ ᠰᠢᠶᠠᠩ ᠪᠠᠯᠭᠠᠰᠤ᠂ ᠲᠤᠰᠬᠤᠨ ᠤ ᠠᠷᠠᠳ ᠤᠨ ᠵᠦᠪᠯᠡᠯ ᠡᠷᠦᠭᠡ ᠳᠤ ᠬᠦᠷᠴᠦ ᠪᠠᠶᠢᠴᠠᠭᠠᠬᠤ᠂ ᠠᠷᠠᠳᠴᠢᠯᠠᠯ ᠢᠶᠠᠷ ᠵᠦᠪᠯᠡᠨ ᠲᠤᠭᠳᠠᠭᠠᠬᠤ ᠂ ᠰᠠᠮᠪᠠᠷ᠎ᠠ ᠳᠤ ᠨᠡᠶᠢᠳᠡᠯᠡᠬᠦ ᠪᠠᠷ ᠨᠤᠳᠠᠯᠠᠨ ᠵᠦᠪᠰᠢᠶᠡᠷᠡᠭᠰᠡᠨ ᠪᠣᠯ ᠲᠤᠮᠤ ᠬᠦᠨᠳᠦ ᠡᠪᠡᠳᠴᠢᠨ ᠪᠤᠶᠤ ᠤᠵᠢᠭ ᠡᠪᠡᠳᠴᠢᠨ ᠢᠶᠠᠷ ᠮᠠᠭᠠᠳᠯᠠᠨ ᠳᠤᠭᠳᠠᠭᠠᠨ᠎ᠠ᠃      4. ᠵᠡᠮᠳᠡᠭ ᠬᠦᠮᠦᠨ ᠨᠢ ᠵᠡᠮᠳᠡᠭᠴᠤᠳ ᠤᠨ ᠬᠤᠯᠪᠤᠭᠠᠨ ᠤ ᠰᠠᠯᠠᠭ᠎ᠠ ᠮᠦᠴᠢᠷ ᠤᠨ ᠬᠠᠷᠭᠤᠭᠤᠯᠤᠨ ᠳᠠᠷᠬᠠᠭᠠᠭᠰᠠᠨ ᠰᠢᠨ᠎ᠡ ᠬᠡᠪᠯᠡᠯ ᠤᠨ ︽ᠵᠡᠮᠳᠡᠭ ᠤᠨ ᠦᠨᠡᠮᠯᠡᠯ︾ ᠢ ᠬᠠᠩᠭᠠᠬᠤ ᠴᠢᠬᠤᠯᠠ ᠲᠠᠢ᠂ ᠤᠨᠴᠠᠭᠠᠢ ᠰᠢᠯᠳᠠᠭᠠᠨ ᠠᠴᠠ ᠪᠤᠯᠵᠤ ᠵᠡᠮᠳᠡᠭ ᠤᠨ ᠦᠨᠡᠮᠯᠡᠯ ᠢ ᠠᠪᠤᠭᠠᠳᠤᠢ ᠪᠣᠯ᠂ ᠲᠤᠰ ᠬᠦᠮᠦᠨ ᠪᠤᠶᠤ ᠬᠠᠷᠠᠭᠠᠯᠵᠠᠨ ᠬᠠᠮᠠᠭᠠᠯᠠᠭᠴᠢ ᠨᠢ ᠲᠤᠰ ᠭᠠᠵᠠᠷ ᠤᠨ ᠢᠶᠠᠨ ᠵᠡᠮᠳᠡᠭᠴᠤᠳ ᠤᠨ ᠬᠤᠯᠪᠤᠭᠠᠨ ᠳᠤ ᠵᠡᠮᠳᠡᠭ ᠤᠨ ᠦᠨᠡᠮᠯᠡᠯ ᠨᠦᠬᠦᠵᠦ ᠬᠦᠢᠴᠡᠳᠭᠡᠬᠦ ᠪᠤᠶᠤ ᠵᠡᠮᠳᠡᠭ ᠬᠦᠮᠦᠨ ᠤ ᠬᠡᠷᠡᠴᠢᠯᠡᠯᠳᠡ ᠭᠠᠷᠭᠠᠭᠤᠯᠵᠤ ᠪᠤᠯᠤᠨ᠎ᠠ᠃ ᠵᠡᠷᠭᠡᠪᠡᠷ ᠰᠤᠷᠭᠠᠭᠤᠯᠢ ᠳᠤ ᠪᠠᠶᠢᠭ᠎ᠠ ᠦᠨᠳᠦᠷ ᠳᠤᠮᠳᠠᠳᠤ ᠶᠢᠨ ᠰᠤᠷᠤᠭᠴᠢ ᠪᠠ ᠵᠢᠩᠬᠢᠨᠢ ︵ᠲᠤᠰᠬᠠᠢ ᠮᠡᠷᠭᠡᠵᠢᠯ︶ ᠠᠩᠬᠢ ᠶᠢᠨ ᠰᠤᠷᠤᠭᠴᠢ ᠲᠠᠢ ᠪᠤᠶᠤ ᠵᠡᠷᠭᠡᠪᠡᠷ ᠰᠤᠷᠭᠠᠭᠤᠯᠢ ᠳᠤ ᠪᠠᠶᠢᠭ᠎ᠠ ᠵᠢᠩᠬᠢᠨᠢ ︵ᠲᠤᠰᠬᠠᠢ ᠮᠡᠷᠭᠡᠵᠢᠯ︶ ᠠᠩᠬᠢ  ᠶᠢᠨ ᠬᠤᠶᠠᠷ ᠰᠤᠷᠤᠭᠴᠢ ᠲᠠᠢ ᠭᠡᠷ ᠪᠦᠯᠢ ᠨᠢ ᠪᠠᠰᠠ ᠦᠨᠦ ᠰᠠᠭᠤᠭ᠎ᠠ ᠭᠠᠵᠠᠷ ᠤᠨ ᠲᠤᠰᠬᠤᠨ ᠤ ᠵᠦᠪᠯᠡᠯ ᠤᠨ ᠬᠡᠷᠡᠴᠢᠯᠡᠯᠳᠡ ︵ᠭᠡᠷ ᠪᠦᠯᠢ ᠶᠢᠨ ᠰᠠᠭᠤᠭ᠎ᠠ ᠭᠠᠵᠠᠷ ᠤᠨ ᠬᠠᠶ᠋ᠢᠭ᠂ ᠬᠠᠷᠢᠯᠴᠠᠬᠤ ᠠᠷᠭ᠎ᠠ ᠮᠠᠶ᠋ᠢᠭ᠂ ᠭᠡᠷ ᠪᠦᠯᠢ ᠶᠢᠨ ᠤᠷᠤᠯᠭ᠎ᠠ ᠶᠢᠨ ᠪᠠᠶᠢᠳᠠᠯ ᠵᠢᠴᠢ ᠤᠷᠤᠨ ᠰᠠᠭᠤᠴᠠ᠂ ᠮᠠᠰᠢᠨ ᠬᠦᠳᠡᠯᠬᠡᠬᠦᠷᠳᠦ ᠲᠡᠷᠭᠡ ᠵᠡᠷᠭᠡ ᠡᠳ᠋ ᠬᠦᠷᠦᠩᠭᠡ ᠶᠢᠨ ᠪᠠᠶᠢᠳᠠᠯ᠂ ᠦᠨᠦ ᠰᠠᠭᠤᠭ᠎ᠠ ᠭᠠᠵᠠᠷ ᠤᠨ ᠲᠤᠰᠬᠤᠨ ᠤ ᠵᠦᠪᠯᠡᠯ ᠤᠨ ᠬᠠᠷᠢᠭᠤᠴᠠᠯᠭᠠᠳᠠᠨ ᠭᠠᠷ ᠤᠨ ᠦᠰᠦᠭ ᠵᠢᠷᠤᠵᠤ ᠳᠠᠮᠠᠭ᠎ᠠ ᠳᠠᠷᠤᠨ᠎ᠠ︶ ᠶᠢ ᠬᠠᠩᠭᠠᠬᠤ ᠴᠢᠬᠤᠯᠠ ᠲᠠᠢ᠃      5. ᠪᠤᠰᠤᠳ ᠬᠠᠩᠭᠠᠬᠤ ᠴᠢᠬᠤᠯᠠ ᠲᠠᠢ ᠮᠠᠲ᠋ᠧᠷᠢᠶᠠᠯ ᠤᠳ᠃      ︵ᠬᠤᠶᠠᠷ︶ ᠡᠷᠦᠭᠡ ᠳᠤ ᠬᠦᠷᠴᠦ ᠬᠠᠷᠭᠤᠭᠤᠯᠤᠨ ᠪᠠᠶᠢᠴᠠᠭᠠᠬᠤ      ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠬᠦᠯᠢᠶᠡᠨ ᠠᠪᠴᠤ ᠰᠢᠢᠳᠪᠦᠷᠢᠯᠡᠭᠰᠡᠨ ᠤ ᠳᠠᠷᠠᠭ᠎ᠠ ᠂ ᠨᠠᠭᠠᠳᠤ ᠵᠠᠬ᠎ᠠ ᠶᠢᠨ ᠪᠠᠳᠤᠯᠠᠭ᠎ᠠ ᠶᠢ ᠬᠦᠯᠢᠶᠡᠨ ᠠᠪᠴᠤ ᠰᠢᠢᠳᠪᠦᠷᠢᠯᠡᠭᠰᠡᠨ ᠡᠳᠦᠷ ᠠᠴᠠ ᠡᠬᠢᠯᠡᠵᠦ᠂ 10 ᠠᠵᠢᠯᠯᠠᠬᠤ ᠡᠳᠦᠷ ᠤᠨ ᠳᠤᠳᠤᠷ᠎ᠠ ᠭᠤᠶᠤᠴᠢᠯᠠᠭᠴᠢ ᠶᠢᠨ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠪᠠ ᠪᠤᠳᠠᠳᠠᠢ ᠠᠮᠢᠳᠤᠷᠠᠯ ᠤᠨ ᠪᠠᠶᠢᠳᠠᠯ ᠢ ᠡᠷᠦᠭᠡ ᠳᠤ ᠨᠢ ᠬᠦᠷᠴᠦ ᠪᠠᠶᠢᠴᠠᠭᠠᠵᠤ ᠬᠢᠨᠠᠨ ᠬᠠᠷᠭᠤᠭᠤᠯᠵᠤ᠂ ᠪᠠᠶᠢᠴᠠᠭᠠᠭᠰᠠᠨ ᠤ ᠳᠠᠷᠠᠭ᠎ᠠ᠂ ᠪᠠᠶᠢᠴᠠᠭᠠᠭᠰᠠᠨ ᠬᠦᠮᠦᠨ ᠨᠢ ᠭᠡᠷ ᠪᠦᠯᠢ ᠶᠢᠨ ᠬᠢᠨᠢ ᠠᠵᠤ ᠠᠬᠤᠢ ᠶᠢᠨ ᠪᠠᠶᠢᠳᠠᠯ ᠤᠨ ᠬᠠᠷᠭᠤᠭᠤᠯᠤᠨ ᠪᠠᠶᠢᠴᠠᠭᠠᠯᠳᠠ ᠶᠢᠨ ᠬᠦᠰᠦᠨᠦᠭ ᠢ ᠳᠠᠭᠯᠠᠬᠤ ᠪᠦᠭᠡᠳ ᠭᠤᠶᠤᠴᠢᠯᠠᠭᠴᠢ ᠪᠠ ᠡᠷᠦᠭᠡ ᠳᠤ ᠬᠦᠷᠴᠦ ᠬᠠᠷᠭᠤᠭᠤᠯᠤᠨ ᠪᠠᠶᠢᠴᠠᠭᠠᠭᠴᠢ ᠬᠠᠮᠳᠤ ᠪᠠᠷ ᠭᠠᠷ ᠤᠨ ᠦᠰᠦᠭ ᠵᠢᠷᠤᠵᠤ ᠨᠤᠳᠠᠯᠠᠨ ᠵᠦᠪᠰᠢᠶᠡᠷᠡᠵᠦ᠂ ᠠᠷᠠᠳᠴᠢᠯᠠᠯ ᠢᠶᠠᠷ ᠵᠦᠪᠯᠡᠨ ᠳᠤᠭᠳᠠᠭᠠᠬᠤ ᠬᠤᠷᠠᠯ ᠳᠤ ᠳᠡᠪᠰᠢᠬᠦᠯᠦᠨ ᠵᠦᠪᠯᠡᠨ ᠳᠤᠭᠳᠠᠭᠠᠭᠠᠯᠭᠠᠨ᠎ᠠ᠃      ︵ᠭᠤᠷᠪᠠ︶ ᠠᠷᠠᠳᠴᠢᠯᠡᠯ ᠢᠶᠠᠷ ᠵᠦᠪᠯᠡᠨ ᠳᠤᠭᠳᠠᠭᠠᠬᠤ      ᠡᠯ᠎ᠡ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠠᠷᠠᠳᠴᠢᠯᠡᠯ ᠢᠶᠠᠷ ᠵᠦᠪᠯᠡᠨ ᠲᠤᠭᠳᠠᠭᠠᠬᠤ ᠬᠤᠷᠠᠯ ᠢ ᠵᠤᠬᠢᠶᠠᠨ ᠪᠠᠶᠢᠭᠤᠯᠤᠨ ᠬᠤᠷᠠᠯᠳᠤᠭᠤᠯᠬᠤ ᠠᠴᠠ ᠡᠮᠦᠨ᠎ᠡ᠂ ᠰᠢᠶᠠᠨ ᠤ ᠠᠷᠠᠳ ᠤᠨ ᠶᠠᠪᠤᠳᠠᠯ ᠤᠨ ᠲᠤᠪᠴᠢᠶᠠᠨ ᠳᠤ ᠮᠡᠳᠡᠬᠦᠯᠵᠦ ᠨᠠᠭᠠᠳᠤ ᠵᠠᠬ᠎ᠠ ᠶᠢᠨ ᠪᠠᠳᠤᠯᠠᠭᠠᠨ ᠤ ᠬᠦᠷᠳᠡᠭᠡᠮᠵᠢ ᠭᠤᠶᠤᠴᠢᠯᠠᠭᠰᠠᠨ ᠭᠡᠷ ᠪᠦᠯᠢ ᠶᠢᠨ ᠤᠷᠤᠯᠭ᠎ᠠ ᠪᠠ ᠡᠳ᠋ ᠬᠦᠷᠦᠩᠭᠡ ᠶᠢᠨ ᠪᠠᠶᠢᠳᠠᠯ ᠳᠤ ᠮᠡᠳᠡᠭᠡ ᠵᠠᠩᠬᠢ ᠶᠢᠨ ᠬᠠᠷᠢᠴᠠᠭᠤᠯᠤᠯᠳᠠ ᠬᠢᠯᠬᠡᠬᠦ ᠮᠦᠷᠳᠡᠭᠡᠨ 5 ᠠᠵᠢᠯᠯᠠᠬᠤ ᠡᠳᠦᠷ ᠤᠨ ᠳᠤᠳᠤᠷ᠎ᠠ ᠲᠤᠰᠬᠤᠨ ᠤ ᠵᠦᠪᠯᠡᠯ ᠤᠨ ᠬᠠᠪᠰᠤᠷᠤᠯᠭ᠎ᠠ ᠳᠤᠤᠷ᠎ᠠ᠂ ᠲᠤᠰᠬᠤᠨ ᠢᠶᠠᠷ ᠨᠢᠭᠡᠴᠢ ᠪᠤᠯᠭᠠᠨ᠂ ᠭᠤᠶᠤᠴᠢᠯᠠᠭᠴᠢ ᠶᠢᠨ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠢ ᠪᠤᠰᠤᠳᠴᠢ ᠴᠢᠨᠠᠷᠳᠠᠢ᠂ ᠦᠨᠡᠨ ᠴᠢᠨᠠᠷᠳᠠᠢ᠂ ᠠᠷᠠᠳᠴᠢᠯᠠᠯ ᠢᠶᠠᠷ ᠵᠦᠪᠯᠡᠯ ᠳᠤᠭᠳᠠᠭᠠᠨ᠎ᠠ᠃      ᠠᠷᠠᠳᠴᠢᠯᠠᠯ ᠢᠶᠠᠷ ᠵᠦᠪᠯᠡᠨ ᠲᠤᠭᠳᠠᠭᠠᠬᠤ ᠳᠤ ᠪᠠᠨ᠂ ᠨᠠᠷᠢᠨ ᠨᠢᠮᠪᠠᠢ ᠵᠦᠪᠯᠡᠨ ᠲᠤᠭᠳᠠᠭᠠᠭᠰᠠᠨ ᠳᠡᠮᠳᠡᠭᠯᠡᠯ  ᠲᠠᠢ ᠪᠠᠶᠢᠵᠤ᠂ ᠵᠦᠪᠯᠡᠯ ᠳᠤᠭᠳᠠᠭᠠᠬᠤ ᠳᠤ ᠤᠷᠤᠯᠴᠠᠭᠰᠠᠨ ᠪᠤᠢ ᠪᠦᠬᠦᠢ ᠬᠦᠮᠦᠨ ᠨᠢ ᠭᠠᠷ ᠤᠨ ᠦᠰᠦᠭ ᠵᠢᠷᠤᠵᠤ ᠵᠦᠪᠯᠡᠨ ᠲᠤᠭᠳᠠᠭᠠᠭᠰᠠᠨ ᠦᠷ᠎ᠡ ᠳ᠋ᠦᠩ ᠢ ᠨᠤᠳᠠᠯᠠᠨ ᠵᠦᠪᠰᠢᠶᠡᠷᠡᠬᠦ ᠬᠡᠷᠡᠭᠳᠡᠢ᠃ ᠠᠷᠠᠳᠴᠢᠯᠠᠯ ᠢᠶᠠᠷ ᠵᠦᠪᠯᠡᠨ ᠲᠤᠭᠳᠠᠭᠠᠬᠤ ᠳᠤ ᠮᠠᠷᠭᠤᠯᠳᠤᠭᠠᠨ ᠢᠶᠠᠷ ᠮᠠᠰᠢ ᠶᠡᠭᠡ ᠨᠠᠭᠠᠳᠤ ᠵᠠᠬ᠎ᠠ ᠶᠢᠨ ᠪᠠᠲᠤᠯᠠᠭᠠᠨ ᠤ ᠭᠤᠶᠤᠴᠢᠯᠠᠯ ᠳᠤ᠂ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠨᠢ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠳᠤ ᠨᠢ ᠳᠠᠬᠢᠨ ᠰᠢᠨ᠎ᠡ ᠪᠠᠷ ᠪᠠᠶᠢᠴᠠᠭᠠᠵᠤ ᠬᠢᠨᠠᠨ ᠬᠠᠷᠭᠤᠭᠤᠯᠬᠤ ᠬᠡᠷᠡᠭᠳᠡᠢ᠃      ︵ᠲᠦᠷᠪᠡ︶ ᠬᠢᠨᠠᠨ ᠬᠠᠷᠭᠤᠭᠤᠯᠬᠤ      ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠡᠷᠦᠭᠡ ᠳᠤ ᠬᠦᠷᠴᠦ ᠪᠠᠶᠢᠴᠠᠭᠠᠬᠤ᠂ ᠬᠦᠷᠰᠢ ᠵᠡᠷᠭᠡᠯᠳᠡᠭᠡ ᠠᠴᠠ ᠰᠤᠷᠪᠤᠯᠵᠢᠯᠠᠨ ᠠᠰᠠᠭᠤᠬᠤ᠂ ᠵᠠᠬᠢᠳᠠᠯ ᠢᠶᠠᠷ ᠬᠡᠷᠡᠴᠢ ᠤᠯᠬᠤ᠂ ᠮᠡᠳᠡᠭᠡ ᠵᠠᠩᠬᠢ ᠪᠠᠷ ᠬᠠᠷᠢᠴᠠᠭᠤᠯᠬᠤ᠂ ᠠᠷᠠᠳᠴᠢᠯᠠᠯ ᠢᠶᠠᠷ ᠵᠦᠪᠯᠡᠨ ᠳᠤᠭᠳᠠᠭᠠᠬᠤ ᠵᠡᠷᠭᠡ ᠠᠷᠭ᠎ᠠ ᠮᠠᠶ᠋ᠢᠭ ᠢ ᠦᠨᠳᠦᠰᠦᠯᠡᠵᠦ᠂ ᠭᠤᠶᠤᠴᠢᠯᠠᠭᠰᠠᠨ ᠭᠡᠷ ᠪᠦᠯᠢ ᠳᠤ ᠠᠩᠬᠠᠨ ᠤ ᠬᠢᠨᠠᠭᠰᠠᠨ ᠰᠠᠨᠠᠯ ᠢᠶᠠᠨ ᠳᠤᠷᠠᠳᠴᠤ᠂ ᠭᠤᠶᠤᠴᠢᠯᠠᠭᠴᠢ ᠶᠢᠨ ᠪᠠᠶᠢᠭ᠎ᠠ ᠭᠠᠵᠠᠷ ᠤᠨ ᠲᠤᠰᠬᠤᠨ ᠨᠡᠶᠢᠭᠡᠮ ᠲᠤᠭᠤᠷᠢᠭ ᠲᠤ ᠨᠡᠶᠢᠳᠡᠯᠡᠭᠰᠡᠨ ᠤ ᠳᠠᠷᠠᠭ᠎ᠠ᠂ ᠰᠢᠶᠠᠨ ᠤ ᠠᠷᠠᠳ ᠤᠨ ᠶᠠᠪᠤᠳᠠᠯ ᠤᠨ ᠳᠤᠪᠴᠢᠶᠠᠨ ᠳᠤ ᠮᠡᠳᠡᠬᠦᠯᠵᠦ ᠬᠢᠨᠠᠨ ᠵᠦᠪᠰᠢᠶᠡᠷᠡᠬᠦᠯᠦᠨ᠎ᠡ᠃ ᠰᠢᠶᠠᠨ ᠤ ᠠᠷᠠᠳ ᠤᠨ ᠶᠠᠪᠤᠳᠠᠯ ᠤᠨ ᠳᠤᠪᠴᠢᠶ᠎ᠠ  ᠠᠴᠠ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ ᠤ ᠳᠡᠭᠡᠭᠰᠢ ᠮᠡᠳᠡᠬᠦᠯᠦᠭᠰᠡᠨ ᠪᠠᠶᠢᠴᠠᠭᠠᠭᠰᠠᠨ ᠮᠠᠲ᠋ᠧᠷᠢᠶᠠᠯ ᠪᠠ ᠠᠩᠬᠠᠨ ᠤ ᠬᠢᠨᠠᠭᠰᠠᠨ ᠰᠠᠨᠠᠯ ᠢ ᠪᠦᠬᠦ ᠳᠠᠯ᠎ᠠ ᠪᠠᠷ ᠬᠢᠨᠠᠨ ᠪᠠᠶᠢᠴᠠᠭᠠᠬᠤ ᠪᠦᠬᠡᠳ 30% ᠶᠢᠨ ᠬᠠᠷᠢᠴᠠᠯ ᠠᠴᠠ ᠳᠤᠤᠷ᠎ᠠ ᠪᠠᠶᠢᠯᠭᠠᠬᠤ ᠦᠭᠡᠢ ᠶᠤᠰᠤᠭᠠᠷ ᠡᠷᠦᠭᠡ ᠳᠤ ᠬᠦᠷᠴᠦ ᠰᠤᠭᠤᠴᠢᠨ ᠪᠠᠶᠢᠴᠠᠭᠠᠬᠤ ᠬᠡᠷᠡᠭᠳᠡᠢ᠃ ᠨᠦᠬᠦᠴᠡᠯ ᠳᠤ ᠬᠦᠷᠦᠭᠰᠡᠨ ᠭᠤᠶᠤᠴᠢᠯᠠᠯ ᠳᠤ ᠨᠢ ᠵᠦᠪᠰᠢᠶᠡᠷᠡᠯ ᠤᠯᠭᠤᠭᠰᠠᠨ ᠪᠣᠯ᠂ ᠭᠤᠶᠤᠴᠢᠯᠠᠭᠴᠢ ᠶᠢᠨ ᠪᠠᠶᠢᠭ᠎ᠠ ᠲᠤᠰᠬᠤᠨ᠂ ᠨᠡᠶᠢᠭᠡᠮ ᠲᠤᠭᠤᠷᠢᠭ ᠲᠤ ᠨᠡᠶᠢᠳᠡᠯᠡᠨ᠎ᠡ︔ ᠨᠦᠬᠦᠴᠡᠯ ᠳᠤ ᠦᠯᠦ ᠨᠡᠶᠢᠴᠡᠬᠦ ᠭᠤᠶᠤᠴᠢᠯᠠᠯ ᠳᠤ ᠵᠦᠪᠰᠢᠶᠡᠷᠡᠯ ᠤᠯᠭᠤᠭᠰᠠᠨ ᠦᠭᠡᠢ ᠪᠣᠯ᠂ ᠰᠢᠶᠠᠩ ᠪᠠᠯᠭᠠᠰᠤ ᠳᠤ ᠨᠢ ᠪᠤᠴᠠᠭᠠᠵᠤ᠂ ᠰᠢᠶᠠᠩ ᠪᠠᠯᠭᠠᠰᠤ ᠠᠴᠠ ᠭᠤᠶᠤᠴᠢᠯᠠᠭᠴᠢ ᠳᠤ ᠪᠢᠴᠢᠭ ᠢᠶᠠᠷ ᠤᠴᠢᠷ ᠰᠢᠯᠳᠠᠭᠠᠨ ᠢ ᠳᠠᠶᠢᠯᠪᠤᠷᠢᠯᠠᠨ᠎ᠠ︔      ︵ᠳᠠᠪᠤ︶ ᠪᠠᠷᠢᠮᠵᠢᠶ᠎ᠠ ᠪᠠᠷ ᠪᠠᠳᠤᠯᠠᠬᠤ᠂ ᠵᠦᠷᠢᠶᠡᠳᠦ ᠲᠤᠭ᠎ᠠ ᠪᠠᠷ ᠠᠪᠤᠷᠠᠨ ᠲᠤᠰᠠᠯᠠᠬᠤ      ᠨᠠᠭᠠᠳᠤ ᠵᠠᠬ᠎ᠠ ᠶᠢᠨ ᠪᠠᠲᠤᠯᠠᠭᠠᠨ ᠤ ᠪᠠᠳᠤᠯᠠᠪᠤᠷᠢ ᠶᠢᠨ ᠬᠡᠪᠴᠢᠶᠡᠨ ᠳᠤ ᠤᠷᠤᠭᠤᠯᠤᠭᠰᠠᠨ ᠭᠡᠷ ᠪᠦᠯᠢ ᠶᠢ ᠬᠠᠷᠭᠤᠭᠤᠯᠤᠨ ᠲᠤᠭᠳᠠᠭᠠᠭᠰᠠᠨ ᠭᠡᠷ ᠪᠦᠯᠢ ᠶᠢᠨ ᠤᠷᠤᠯᠭ᠎ᠠ ᠪᠠᠷ ᠨᠢ ᠪᠠᠷᠢᠮᠵᠢᠶ᠎ᠠ ᠶᠤᠰᠤᠭᠠᠷ ᠪᠠᠳᠤᠯᠠᠵᠤ᠂ ᠵᠦᠷᠢᠶᠡᠳᠦ ᠲᠤᠭ᠎ᠠ ᠪᠠᠷ ᠠᠪᠤᠷᠠᠨ ᠲᠤᠰᠠᠯᠠᠨ᠎ᠠ᠃ ᠬᠤᠳᠠ ᠪᠠᠯᠭᠠᠰᠤ ᠬᠦᠮᠦᠨ ᠳᠤᠮᠳᠠᠴᠢ ᠶᠢᠨ ᠨᠦᠬᠦᠪᠦᠷᠢ ᠶᠢᠨ ᠳᠦᠪᠰᠢᠨ ᠢᠶᠠᠷ A᠂ B2᠂ B3᠂ C1᠂ C2 ᠭᠤᠷᠪᠠᠨ ᠲᠦᠷᠦᠯ 6 ᠳᠡᠰ ᠬᠤᠪᠢᠶᠠᠵᠤ᠂ ᠬᠤᠳᠠ ᠪᠠᠯᠭᠠᠰᠤᠨ  ᠤ ᠨᠠᠭᠠᠳᠤ ᠵᠠᠬ᠎ᠠ ᠶᠢᠨ ᠪᠠᠳᠤᠯᠠᠭᠠᠨ ᠤ ᠭᠡᠷ ᠪᠦᠯᠢ ᠶᠢᠨ ᠰᠡᠷ᠎ᠠ ᠶᠢᠨ ᠬᠦᠮᠦᠨ ᠳᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ ᠶᠢ ᠪᠤᠳᠤᠬᠤ ᠪᠠᠷ᠂ ᠬᠠᠷᠢᠯᠴᠠᠨ ᠵᠤᠬᠢᠴᠠᠭᠰᠠᠨ ᠨᠦᠬᠦᠪᠦᠷᠢ ᠮᠦᠩᠬᠦ ᠶᠢ ᠡᠳ᠋ᠯᠡᠨ᠎ᠡ︔ ᠬᠦᠳᠡᠭᠡ ᠲᠤᠰᠬᠤᠨ ᠬᠦᠮᠦᠨ ᠳᠤᠮᠳᠠᠴᠢ ᠶᠢᠨ ᠨᠦᠬᠦᠪᠦᠷᠢ ᠶᠢᠨ ᠲᠦᠪᠰᠢᠨ ᠢᠶᠠᠷ A᠂ B᠂ C1᠂ C2 ᠭᠤᠷᠪᠠᠨ ᠲᠦᠷᠦᠯ 4 ᠳᠡᠰ ᠬᠤᠪᠢᠶᠠᠵᠤ᠂ ᠬᠦᠳᠡᠭᠡ ᠲᠤᠰᠬᠤᠨ ᠤ ᠨᠠᠭᠠᠳᠤ ᠵᠠᠬ᠎ᠠ ᠶᠢᠨ ᠪᠠᠲᠤᠯᠠᠭᠠᠨ ᠤ ᠭᠡᠷ ᠪᠦᠯᠢ ᠶᠢᠨ ᠬᠦᠮᠦᠨ ᠳᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ ᠶᠢ ᠪᠤᠳᠤᠬᠤ ᠪᠠᠷ᠂ ᠬᠠᠷᠢᠯᠴᠠᠨ ᠵᠤᠬᠢᠴᠠᠭᠰᠠᠨ ᠨᠦᠬᠦᠪᠦᠷᠢ ᠮᠦᠩᠬᠦ ᠶᠢ ᠡᠳ᠋ᠯᠡᠨ᠎ᠡ᠃
 
ᠢᠷᠡᠯᠲᠡ᠄ ᠱᠠᠩᠳᠤ ᠰᠢᠶᠠᠨ ᠤ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2