ᠮᠧᠩ ᡁᠢ ᠯᠢᠶᠠᠨ ᠨᠠᠰᠤᠳᠠᠶᠢᠴᠤᠳ ᠤᠨ ᠪᠡᠶ᠎ᠡ ᠪᠤᠯᠪᠠᠰᠤᠷᠠᠭᠤᠯᠬᠤ ᠨᠡᠶᠢᠬᠡᠮᠯᠢᠭ ᠰᠠᠨ ᠳ᠋ᠠ ᠴᠢᠩ ᠰᠢᠶᠠᠩ  ᠤᠨ ᠳ᠋ᠦᠩ ᠵᠢᠶᠠ ᠼᠦᠨ ᠳᠤᠰᠬᠤᠨ ᠳᠤ ᠳᠤᠬᠤᠨᠢᠭᠤᠯᠭ᠎ᠠ ᠶᠢᠨ ᠵᠢᠷᠦᠮ ᠤᠨ ᠳᠤᠭᠯᠠᠯᠳᠠ ᠭᠠᠷᠭᠠᠪᠠ
ᠨᠡᠶᠢᠲᠡᠯᠡᠭᠰᠡᠨ ᠴᠠᠭ᠄
2018/8/9
   ᠤᠶᠢᠷ᠎ᠡ ᠶᠢᠨ ᠡᠳᠦᠷ᠂ ᠱᠠᠩᠳᠤ ᠰᠢᠶᠠᠨ ᠤ ᠮᠧᠩ ᡁᠢ ᠯᠢᠶᠠᠨ ᠨᠠᠰᠤᠳᠠᠶᠢᠴᠤᠳ ᠤᠨ ᠪᠡᠶ᠎ᠡ ᠪᠤᠯᠪᠠᠰᠤᠷᠠᠭᠤᠯᠬᠤ ᠨᠡᠶᠢᠬᠡᠮᠯᠢᠭ ᠰᠠᠨ ᠳ᠋ᠠ ᠴᠢᠩ ᠰᠢᠶᠠᠩ ᠤᠨ ᠳ᠋ᠦᠩ ᠵᠢᠶᠠ ᠼᠦᠨ ᠳᠤᠰᠬᠤᠨ ᠳᠤ ᠳᠤᠬᠤᠨᠢᠭᠤᠯᠭ᠎ᠠ ᠶᠢᠨ ᠵᠢᠷᠦᠮ ᠤᠨ ᠳᠤᠭᠯᠠᠯᠳᠠ ᠭᠠᠷᠭᠠᠵᠤ᠂ ᠮᠧᠩ ᡁᠢ ᠯᠢᠶᠠᠨ ᠨᠠᠰᠤᠳᠠᠶᠢᠴᠤᠳ ᠤᠨ ᠨᠡᠶᠢᠬᠡᠮᠯᠢᠭ ᠤᠨ ᠳᠤᠭᠯᠠᠯᠳᠠ ᠨᠢ ᠤᠯᠠᠨ ᠶᠠᠩᠵᠤ  ᠶᠢᠨ ᠬᠡᠯᠪᠡᠷᠢ ᠪᠠᠷ ᠢᠯᠡᠷᠴᠦ᠂ ᠪᠦᠵᠢᠭ᠂ ᠳᠠᠭᠤᠤ ᠬᠦᠭᠵᠢᠮ ᠲᠠᠢ ᠮᠦᠷᠳᠡᠬᠡᠨ ᠡᠯ ᠷᠧᠨ ᠲᠠᠢ ᠵᠦᠴᠦᠬᠡ ᠵᠡᠷᠬᠡ ᠪᠠᠶᠢᠵᠤ᠂ ᠪᠦᠬᠦᠶᠢᠯᠡ ᠳᠠᠯᠠᠪᠠᠢ ᠶᠢᠨ ᠳᠤᠭᠯᠠᠯᠳᠠ ᠨᠢ ᠭᠤᠶᠢᠳᠡ ᠰᠠᠶᠢᠬᠠᠨ ᠪᠤᠯᠤᠭᠰᠠᠨ ᠪᠠᠶᠢᠨ᠎ᠠ᠂ ᠳ᠋ᠦᠩ ᠵᠢᠶᠠ ᠼᠦᠨ ᠳᠤᠰᠬᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠵᠤ᠂ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠤ ᠢᠳᠡᠯᠡᠵᠤ ᠬᠦᠴᠦᠯᠡᠭᠰᠡᠨ ᠪᠠᠶᠢᠨ᠎ᠠ᠃ ᠰᠢᠨ᠎ᠡ ᠴᠠᠭ ᠦᠶ᠎ᠡ ᠶᠢᠨ ᠵᠤᠷᠢᠭ ᠰᠠᠨᠠᠭ᠎ᠠ ᠪᠠᠷ ᠦᠷᠭᠡᠨ ᠤᠯᠠᠨ ᠺᠠᠳ᠋ᠷ ᠤᠨ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠤ ᠭᠠᠪᠢᠶ᠎ᠠ ᠪᠠᠶᠢᠭᠤᠯᠤᠨ ᠵᠢᠳᠬᠦᠯ ᠭᠠᠷᠭᠠᠬᠤ ᠶᠢ ᠨᠢ ᠵᠤᠷᠢᠭᠵᠢᠭᠤᠯᠪᠠ᠃ ᠳᠤᠬᠤᠨᠢᠭᠤᠯᠬᠤ ᠳᠤᠭᠯᠠᠯᠳᠠ ᠨᠢ ᠳᠤᠰᠬᠤᠨ ᠤ ᠠᠷᠠᠳ᠂ ᠳᠤᠰᠬᠤᠨ ᠳᠤ ᠰᠠᠭᠤᠭ᠎ᠠ ᠺᠠᠳ᠋ᠷ ᠪᠠᠶᠠᠷ ᠬᠦᠷ ᠬᠦᠷᠬᠡᠭᠰᠡᠨ ᠮᠦᠷᠳᠡᠬᠡᠨ ᠦᠷᠭᠡᠨ ᠤᠯᠠᠨ ᠳᠠᠭᠠᠭᠠᠴᠢᠯᠠᠨ ᠳᠡᠳᠬᠦᠬᠦ ᠬᠠᠷᠢᠭᠤᠴᠠᠭᠴᠢ ᠪᠠ ᠳᠤᠰᠬᠤᠨ ᠳᠤ ᠰᠠᠭᠤᠭ᠎ᠠ ᠺᠠᠳ᠋ᠷ ᠤᠨ ᠠᠵᠢᠯ ᠤᠨ ᠤᠷᠬᠢᠯᠤᠮ᠎ᠡ ᠰᠡᠳᠬᠢᠯᠬᠡ ᠶᠢ ᠨᠢ ᠴᠢᠨᠠᠭᠰᠢᠳᠡ ᠬᠦᠭᠵᠢᠬᠡᠵᠤ᠂ ᠶᠠᠳᠠᠭᠤ ᠬᠦᠴᠢᠷᠳᠡᠯᠳᠡᠢ ᠡᠷᠦᠬᠡ ᠶᠢ ᠶᠠᠳᠠᠭᠤ ᠠᠴᠠ ᠨᠢ ᠠᠩᠭᠢᠵᠢᠷᠠᠭᠤᠯᠬᠤ ᠳᠤ ᠠᠬᠢᠭᠤᠯᠬᠤ ᠦᠢᠯᠡᠳᠦᠯ ᠦᠵᠡᠬᠦᠯᠪᠡ    ᠱᠠᠩᠳᠤ ᠰᠢᠶᠠᠨ ᠤ ᠡᠳ᠋ ᠤᠨ ᠵᠠᠰᠠᠭ ᠤᠨ ᠳᠤᠪᠴᠢᠶᠠᠨ ᠤ ᠳᠤᠪᠴᠢᠶᠠᠨ ᠳᠠᠷᠤᠭ᠎ᠠ ᠶᠢᠨ ᠵᠢᠶᠠᠨ ᠮᠢᠨ ᠨᠦᠬᠦᠷ᠂ ᠠᠬᠠᠮᠠᠳ ᠺᠠᠳ᠋ᠷ ᠤᠨ ᠳᠤᠪᠴᠢᠶᠠᠨ ᠤ ᠳᠤᠪᠴᠢᠶᠠᠨ ᠳᠠᠷᠤᠭ᠎ᠠ ᠶᠤᠤ ᠱᠣ᠋ ᠹᠠᠩ ᠨᠦᠬᠦᠷ᠂ ᠰᠠᠨ ᠳ᠋ᠠ ᠴᠢᠩ ᠰᠢᠶᠠᠩ  ᠤᠨ ᠳᠡᠳ᠋ ᠱᠦᠵᠢ ᠵᠤᠤ ᠺᠤᠸᠠᠨ ᠨᠦᠬᠦᠷ ᠪᠤᠯᠤᠨ ᠡᠳ᠋ ᠤᠨ ᠵᠠᠰᠠᠭ ᠤᠨ ᠳᠤᠪᠴᠢᠶᠠᠨ ᠤ ᠳᠠᠭᠠᠭᠠᠴᠢᠯᠠᠨ ᠳᠡᠳᠬᠦᠬᠦ ᠺᠠᠳ᠋ᠷ ᠨᠠᠷ ᠴᠤᠭᠭᠠᠷ ᠳᠤᠭᠯᠠᠯᠳᠠ ᠦᠵᠡᠵᠤ ᠬᠠᠮᠳᠤ ᠶᠢᠨ ᠬᠡᠷᠡᠯ ᠵᠢᠷᠤᠭ ᠳᠠᠳᠠᠵᠤ ᠳᠤᠷᠠᠰᠬᠠᠯ ᠦᠯᠡᠳᠡᠬᠡᠪᠡ᠃
 
ᠢᠷᠡᠯᠲᠡ᠄ ᠱᠠᠩᠳᠤ ᠰᠢᠶᠠᠨ ᠤ ᠵᠠᠰᠠᠭ ᠤᠨ ᠤᠷᠳᠤᠨ ᠤ ᠬᠢᠳᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2