ᠰᠢᠨᠡᠬᠡᠨ ᠰᠤᠳᠤᠯᠭᠠᠨ ᠢᠶᠠᠷ᠂ ᠠᠩᠭ᠍ᠯᠢ ᠶᠢᠨ ᠫᠣᠰᠳ᠋ᠮᠥᠰ ᠶᠡᠭᠡ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠰᠢᠨᠵᠢᠯᠡᠬᠦ | ᠤᠬᠠᠭᠠᠨ ᠤ ᠰᠠᠯᠪᠤᠷᠢ ᠶᠢᠨ ᠰᠠᠮᠠᠨᠰᠠ · ᠮᠧᠷᠧᠳᠢᠰ ᠳ᠋ᠣᠺᠲ᠋ᠣᠷ ᠵᠢᠴᠢ ᠲᠡᠭᠦᠨ ᠤ ᠰᠤᠳᠤᠯᠭᠠᠨ ᠤ ᠳᠤᠭᠤᠢᠢᠯᠠᠩ ᠵᠢᠷᠦᠬᠡᠨ ᠤ | ᠡᠪᠡᠳᠴᠢᠲᠡᠨ ᠤ ᠥᠩᠭᠡᠷᠡᠭᠦᠯᠦᠭᠰᠡᠨ ᠰᠡᠳᠬᠢᠯ ᠵᠣᠪᠠᠭ᠋ᠤ᠂ ᠭᠠᠩᠰᠠᠷᠠᠬᠤ᠂ ᠡᠵᠡᠮᠰᠢᠯ ᠢᠶᠠᠨ ᠠᠯᠳᠠᠬᠤ ᠰᠡᠳᠬᠢᠯᠭᠡ ᠪᠣᠯᠤᠨ | ᠪᠤᠰᠤᠳ ᠥᠪᠡᠷ ᠤᠨ ᠰᠡᠷᠡᠯ ᠵᠡᠷᠭᠡ ᠶᠢ ᠨᠢᠭᠡ ᠵᠢᠯ ᠤᠨ ᠬᠤᠭᠤᠴᠠᠭ᠎ᠠ ᠲᠠᠢ ᠲᠠᠭᠠᠨ ᠪᠠᠶᠢᠴᠠᠭᠠᠵᠠᠢ᠃ ᠡᠭᠦᠨ ᠤ ᠳ᠋ᠦᠩ ᠳᠤ | ᠤᠯᠵᠤ ᠮᠡᠳᠡᠭᠰᠡᠨ ᠨᠢ᠂ ᠵᠢᠷᠦᠬᠡᠨ ᠤ ᠡᠪᠡᠳᠴᠢᠨ ᠬᠥᠳᠡᠯᠦᠭᠰᠡᠨ ᠤ ᠳᠠᠷᠠᠭ᠎ᠠ ᠴᠥᠭᠡᠨ ᠪᠤᠰᠤ ᠬᠥᠮᠦᠰ ᠨᠠᠵᠠᠭᠠᠶ | ᠰᠡᠳᠬᠢᠴᠡ ᠶᠢᠨ ᠨᠥᠯᠥᠭᠡᠨ ᠳᠤ ᠲᠤᠯᠭᠠᠷᠠᠳᠠᠭ ᠪᠠᠶᠢᠨ᠎ᠠ᠂ ᠡᠨᠡ ᠨᠢ ᠭᠤᠣᠯᠳᠠᠭᠤ ᠭᠤᠷᠪᠠᠨ ᠵᠦᠢᠯ ᠤᠨ ᠬᠡᠯᠪᠡᠷᠢ ᠲᠠᠢ᠃ | ᠨᠢᠭᠡ ᠳᠤ᠂ ᠡᠮᠡᠭᠲᠡᠶ ᠡᠪᠡᠳᠴᠢᠲᠡᠨ ᠲᠠᠢ ᠬᠠᠷᠢᠴᠠᠭᠤᠯᠪᠠᠯ᠂ ᠡᠷᠡᠭᠲᠡᠶ ᠶᠢᠨ ᠳᠡᠭᠡᠷᠡᠩᠭᠦᠶ ᠦᠵᠡᠯ ᠲᠠᠢ | ᠡᠪᠡᠳᠴᠢᠲᠡᠨ ᠨᠢ ᠡᠪᠡᠳᠴᠢᠨ ᠬᠥᠳᠡᠯᠦᠭᠰᠡᠨ ᠤ ᠰᠡᠭᠦᠯᠡᠷ ᠤᠷᠮ᠎ᠠ ᠰᠡᠳᠬᠢᠯᠭᠡ ᠶᠢᠨ ᠭᠡᠮᠲᠦᠯ ᠨᠡᠩ ᠠᠮᠠᠷᠬᠠᠨ ᠡᠭᠦᠰᠳᠡᠭ᠃ | ᠡᠳᠡᠭᠡᠷ ᠡᠷᠡᠭᠲᠡᠶ ᠡᠪᠡᠳᠴᠢᠲᠡᠨ ᠵᠢᠷᠦᠬᠡᠨ ᠤ ᠡᠪᠡᠳᠴᠢᠨ ᠳᠤ ᠨᠡᠷᠪᠡᠭᠳᠡᠮᠡᠭᠴᠡ ᠥᠪᠡᠷ ᠢ ᠪᠠᠨ ︽ᠬᠡᠷᠡᠭ ᠦᠭᠡᠢ ᠬᠥᠮᠦᠨ︾ | ᠭᠡᠵᠦ ᠦᠵᠡᠬᠦ ᠨᠢ ᠬᠢᠯᠪᠠᠷ ᠪᠠᠶᠢᠵᠤ᠂ ︽ᠡᠪᠡᠳᠴᠢᠲᠡᠨ︾ ᠭᠡᠰᠡᠨ ᠱᠣᠰᠢᠭ᠎ᠠ ᠲᠠᠢ ᠪᠤᠯᠬᠤ ᠠᠴᠠ ᠠᠶᠤᠳᠠᠭ᠃ ᠡᠭᠦᠨ ᠤ | ᠬᠠᠮᠲᠤ᠂ ᠪᠡᠶ᠎ᠡ ᠮᠠᠬᠠᠪᠣᠳ ᠤᠨ ᠳᠤᠷᠤᠢ ᠪᠠᠭᠤᠷᠠᠶ ᠪᠠᠶᠢᠳᠠᠯ ᠨᠢ ᠪᠠᠰᠠ ᠲᠡᠳᠡᠨ ᠤ ᠤᠷᠮ᠎ᠠ ᠦᠭᠡᠶᠢᠲᠡᠵᠦ ᠪᠤᠬᠢᠨᠢᠳᠤᠬᠤ | ᠰᠡᠳᠬᠢᠯᠭᠡ ᠶᠢ ᠨᠡᠮᠡᠭᠳᠡᠭᠦᠯᠳᠡᠭ᠃ | ᠬᠤᠶᠠᠷ ᠲᠤ᠂ ᠵᠢᠷᠦᠬᠡᠨ ᠤ ᠡᠪᠡᠳᠴᠢᠨ ᠬᠥᠳᠡᠯᠦᠭᠰᠡᠨ ᠤ ᠳᠠᠷᠠᠭ᠎ᠠ᠂ ᠵᠠᠷᠢᠮ ᠡᠪᠡᠳᠴᠢᠲᠡᠨ ᠵᠢᠷᠦᠬᠡᠨ ᠤ | ᠠᠰᠠᠭᠤᠳᠠᠯ ᠳᠤ ᠬᠢᠴᠢᠶᠡᠮᠡᠲᠡᠭᠡᠢ ᠪᠤᠯᠳᠠᠭ᠂ ᠡᠶᠢᠮᠦ ᠤᠷᠮ᠎ᠡ ᠰᠡᠳᠬᠢᠯᠭᠡ ᠶᠢᠨ ᠭᠡᠮᠲᠦᠯ ᠤᠨ ᠨᠢᠭᠡᠨ ᠨᠡᠶᠢᠲᠡᠯᠢᠭ ᠢᠯᠡᠷᠡᠯ ᠨᠢ ︽ | ᠵᠢᠷᠦᠬᠡᠨ ᠠᠴᠠ ᠵᠢᠷᠦᠬᠡᠰᠢᠶᠡᠬᠦ ᠭᠡᠮ︾ ᠪᠤᠯᠤᠨ᠎ᠠ — ᠵᠢᠷᠦᠬᠡᠨ ᠤ ᠳᠠᠪᠲᠠᠮᠵᠢ ᠥᠨᠳᠦᠷᠰᠡᠬᠦ ᠠᠴᠠ ᠠᠶᠤᠵᠤ᠂ ᠬᠦᠴᠦ | ᠣᠷᠣᠬᠤ ᠶᠠᠮᠠᠷ ᠴᠤ ᠶᠠᠪᠤᠳᠠᠯ ᠢ ᠬᠢᠬᠦ ᠳᠤ ᠴᠥᠮ ︽ᠵᠢᠷᠦᠬᠡ ᠪᠠᠨ ᠭᠠᠷ ᠲᠠᠭᠠᠨ ᠠᠳᠬᠤᠭᠰᠠᠨ︾ ᠪᠠᠶᠢᠳᠠᠯ ᠲᠠᠢ ᠪᠠᠶᠢᠳᠠᠭ᠃ | ᠡᠶᠢᠮᠦ ᠰᠠᠨᠠᠭᠠᠰᠢᠷᠠᠯ ᠢ ᠨᠠᠮᠳᠠᠭᠤᠯᠵᠤ ᠴᠢᠳᠠᠬᠤ ᠦᠭᠡᠢ ᠪᠤᠯ ᠵᠠᠶᠢᠯᠠᠰᠢ ᠦᠭᠡᠢ ᠡᠪᠡᠳᠴᠢᠲᠡᠨ ᠤ ᠪᠠᠴᠢᠮᠳᠠᠵᠤ ᠵᠣᠪᠠᠨᠢᠬᠤ | ᠰᠡᠳᠬᠢᠯᠭᠡ ᠶᠢ ᠨᠡᠮᠡᠭᠳᠡᠭᠦᠯᠳᠡᠭ᠃ | ᠭᠤᠷᠪᠠ ᠳᠤ᠂ ᠬᠡᠰᠡᠭ ᠡᠪᠡᠳᠴᠢᠲᠡᠨ ᠥᠪᠡᠷ ᠢ ᠪᠠᠨ ᠢᠳᠬᠠᠵᠤ ᠡᠪᠡᠳᠴᠢᠨ ᠡᠭᠦᠰᠦᠭᠰᠡᠨ ᠪᠣᠳᠠᠲᠤ ᠬᠡᠷᠡᠭ ᠢ | ᠰᠡᠳᠬᠢᠴᠡ ᠶᠢᠨ ᠲᠠᠯ᠎ᠠ ᠪᠠᠷ ᠬᠦᠯᠢᠶᠡᠵᠦ ᠠᠪᠤᠭᠰᠠᠨ ᠴᠤ᠂ ᠡᠪᠡᠳᠴᠢᠨ ᠡᠭᠦᠰᠦᠭᠰᠡᠨ ᠠᠴᠠ ᠪᠤᠯᠵᠤ ᠲᠠᠮᠢᠷ ᠲᠡᠩᠬᠡᠭᠡ | ᠪᠠᠭᠤᠷᠠᠭᠰᠠᠨ ᠢ ᠬᠦᠯᠢᠶᠡᠨ ᠠᠪᠴᠤ ᠴᠢᠳᠠᠬᠤ ᠦᠭᠡᠢ᠂ ᠨᠡᠯᠢᠶᠡᠳ ᠶᠡᠭᠡ ᠰᠡᠳᠬᠢᠴᠡ ᠶᠢᠨ ᠳᠠᠷᠤᠭᠠᠰᠤ ᠲᠠᠢ ᠪᠣᠯᠳᠠᠭ᠃ |