ᠶᠠᠫᠤᠨ ᠤ ︽Naver︾ ᠭᠡᠬᠦ ᠰᠦᠯᠵᠢᠶ᠎ᠡ ᠬᠠᠷᠠᠭ᠎ᠠ ᠶᠢᠨ ᠴᠢᠯᠡᠭᠡ ᠶᠢ ᠭᠠᠷᠭᠠᠬᠤ ᠬᠡᠳᠤᠨ ᠵᠦᠢᠯ ᠤᠨ ᠲᠦᠬᠦᠮ | ᠠᠷᠭ᠎ᠠ ᠶᠢ ᠲᠠᠨᠢᠯᠴᠠᠭᠤᠯᠵᠠᠢ᠂ ᠡᠬᠦᠨ ᠢ ᠯᠠᠪᠯᠠᠨ ᠲᠤᠷᠰᠢᠵᠤ ᠪᠤᠯᠤᠨ᠎ᠠ᠃ | ᠪᠡᠯᠴᠢᠷ ᠢ ᠲᠠᠷᠤᠬᠤ᠃ ᠨᠢᠳᠤᠨ ᠤ ᠡᠷᠬᠢᠨ ᠳᠤ ᠬᠠᠷᠠᠭ᠎ᠠ ᠶᠢᠨ ᠴᠢᠯᠡᠭᠡ ᠶᠢ ᠲᠠᠭᠠᠭᠠᠬᠤ 6 ᠪᠡᠯᠴᠢᠷ ᠪᠠᠶᠢᠳᠠᠭ᠂ | ᠲᠤᠬᠠᠶᠢᠯᠠᠪᠠᠯ ᠬᠠᠷᠠᠭ᠎ᠠ ᠲᠤᠩᠭᠠᠯᠠᠭᠰᠢᠭᠤᠯᠬᠤ ᠪᠡᠯᠴᠢᠷ ︵ᠬᠠᠮᠠᠷ ᠤᠨ ᠤᠭ ᠪᠠ ᠨᠢᠳᠤᠨ ᠤ ᠠᠭᠤᠯᠵᠠᠷ ᠲᠤ ᠪᠤᠢ︶᠂ ᠽᠠᠨ | ᠵᠤ᠋ ᠪᠡᠯᠴᠢᠷ ︵ᠬᠥᠮᠤᠰᠭᠡ ᠪᠤᠯᠤᠨ ᠨᠢᠳᠤᠨ ᠤ ᠬᠤᠭᠤᠷᠤᠨᠳᠤᠬᠢ ᠬᠤᠳᠦ᠋ᠢᠵᠤ ᠤᠷᠤᠭᠰᠠᠨ ᠭᠠᠵᠠᠷ ᠲᠤ ᠪᠤᠢ︶᠂ᠢᠤᠢ ᠶᠤᠤ | ᠪᠠᠯᠴᠢᠷ ︵ᠴᠡᠴᠡᠭᠡᠢ ᠶᠢᠨ ᠠᠰ ᠲᠡᠭᠡᠷ᠎ᠡ ᠲᠠᠯ᠎ᠠ᠂ ᠬᠥᠮᠤᠰᠭᠡ ᠶᠢᠨ ᠲᠦᠪ ᠲᠤ ᠪᠤᠢ︶᠂ ᠰᠧ ᠵᠤ᠋ ᠺᠥᠩ ᠪᠡᠯᠴᠢᠷ ︵ | ᠬᠥᠮᠤᠰᠭᠡ ᠶᠢᠨ ᠰᠡᠬᠦᠯ ᠤᠨ ᠬᠤᠳᠦ᠋ᠢᠵᠤ ᠤᠷᠤᠭᠰᠠᠨ ᠭᠠᠵᠠᠷ ᠪᠤᠢ︶᠂ ᠮᠠᠩᠨᠠᠢ ᠶᠢᠨ ᠪᠡᠯᠴᠢᠷ ︵ᠰᠠᠨᠴᠢᠭ ᠤᠨ ᠬᠤᠳᠦ᠋ᠢᠵᠤ | ᠤᠷᠤᠭᠰᠠᠨ ᠭᠠᠵᠠᠷ ᠲᠤ ᠪᠤᠢ︶ ᠴᠧᠩ ᠴᠢ ᠪᠡᠯᠴᠢᠷ ︵ᠨᠢᠳᠤᠨ ᠴᠡᠴᠡᠭᠡᠢ ᠶᠢᠨ ᠲᠦᠪ ᠤᠨ ᠲᠤᠤᠷ᠎ᠠ ᠲᠠᠯ᠎ᠠ ᠶᠢᠨ | ᠤᠬᠤᠷᠬᠠᠢ ᠶᠢᠨ ᠬᠤᠳᠦ᠋ᠢᠵᠤ ᠤᠷᠤᠭᠰᠠᠨ ᠭᠠᠵᠠᠷ ᠲᠤ ᠪᠤᠢ︶ ᠪᠤᠯᠤᠨ᠎ᠠ᠃ | ᠠᠯᠴᠢᠭᠤᠷ ᠢᠶᠠᠷ ᠵᠢᠩ ᠪᠠᠷᠢᠬᠤ᠃ ᠠᠨᠢᠰᠬ᠎ᠠ ᠤᠨᠵᠠᠶᠢᠬᠤ᠂ ᠨᠦᠢᠷᠮᠤᠭᠯᠠᠬᠤ ᠲᠦᠷᠢ ᠢᠯᠡᠷᠡᠬᠦ ᠪᠤᠯ ᠨᠢᠳᠤᠨ ᠤ | ᠴᠢᠰᠤᠨ ᠤ ᠡᠷᠬᠢᠯᠳᠡ ᠮᠠᠭᠤ ᠪᠠᠶᠢᠬᠤ ᠶᠢᠨ ᠲᠤᠬᠢᠶ᠎ᠠ ᠮᠦᠨ᠂ ᠡᠬᠦᠨ ᠳᠤ ᠬᠠᠯᠠᠭᠤᠨ ᠠᠯᠴᠢᠭᠤᠷ ᠢᠶᠠᠷ ᠵᠢᠩ ᠪᠠᠷᠢᠵᠤ ᠪᠤᠯᠤᠨ᠎ᠠ | ᠃ ᠨᠦᠢᠳᠠᠨ ᠠᠯᠴᠢᠭᠤᠷ ᠢ ᠪᠢᠴᠢᠯ ᠲᠤᠯᠬᠢᠶᠠᠨ ᠵᠤᠤᠬᠠᠨ ᠳᠤ 30~50 ᠰᠧᠺᠦ᠋ᠨ᠋ᠳ᠋ ᠬᠠᠯᠠᠭᠠᠭᠠᠳ ᠵᠢᠬᠠᠭᠠᠨ | ᠬᠥᠷᠦᠭᠡᠭᠰᠡᠨ ᠤ ᠲᠠᠷᠠᠭ᠎ᠠ ᠠᠨᠢᠰᠬ᠎ᠠ ᠲᠡᠭᠡᠷ᠎ᠡ 1~2 ᠮᠢᠨᠦ᠋ᠲ ᠲᠠᠷᠤᠨ᠎ᠠ᠂ ᠡᠨᠡ ᠨᠢ ᠴᠢᠰᠤᠨ ᠤ ᠡᠷᠬᠢᠯᠳᠡ ᠶᠢ | ᠰᠠᠶᠢᠵᠢᠷᠠᠭᠤᠯᠵᠤ ᠴᠢᠯᠡᠭᠡ ᠭᠠᠷᠭᠠᠬᠤ ᠦᠢᠯᠡᠳᠤᠯ ᠲᠠᠢ ᠪᠠᠶᠢᠳᠠᠭ᠃ ᠬᠡᠷᠪᠡ ᠨᠢᠳᠤᠨ ᠴᠡᠴᠡᠭᠡᠢ ᠤᠯᠠᠶᠢᠵᠤ ᠪᠠᠶᠢᠪᠠᠯ ᠨᠢᠳᠤ ︽ | ᠬᠠᠯᠠᠭᠤᠳᠠᠵᠤ︾᠂ ᠦᠷᠪᠢᠰᠤᠯ ᠲᠠᠢ ᠬᠡᠳᠡᠭ ᠤᠨ ᠲᠤᠬᠢᠶ᠎ᠠ᠂ ᠡᠨᠡ ᠦᠶ᠎ᠠ ᠳᠤ ᠬᠥᠢᠳᠡᠨ ᠠᠯᠴᠢᠭᠤᠷ ᠢᠶᠠᠷ 1~2 ᠮᠢᠨᠦ᠋ᠲ | ᠵᠢᠩ ᠪᠠᠷᠢᠪᠠᠯ ᠲᠤᠬᠢᠷᠠᠮᠵᠢᠳᠠᠢ ᠪᠠᠶᠢᠳᠠᠭ᠃ | ᠨᠢᠳᠤᠨ ᠴᠡᠴᠡᠭᠡᠢ ᠶᠢᠨ ᠲᠠᠮᠢᠷ᠃ ᠤᠷᠳᠤ ᠬᠤᠭᠤᠴᠠᠭ᠎ᠠ ᠪᠠᠷ ᠺᠤᠮᠫᠢᠦ᠋ᠲ᠋ᠧᠷ ᠪᠤᠶᠤ ᠭᠠᠷ ᠤᠳᠡᠰᠤ ᠱᠠᠭᠠᠶᠢᠪᠠᠯ᠂ | ᠨᠢᠳᠤᠨ ᠤ ᠲᠦᠪᠯᠡᠷᠡᠯ ᠤᠨ ᠴᠡᠭ ᠢ ᠲᠤᠬᠢᠷᠠᠭᠤᠯᠬᠤ ᠪᠤᠯᠴᠢᠩ ᠨᠢ ᠶᠠᠳᠠᠷᠠᠳᠠᠭ᠂ ᠡᠶᠢᠮᠤ ᠪᠠᠶᠢᠳᠠᠯ ᠲᠤᠤᠷ᠎ᠠ ᠨᠢᠳᠤᠨ | ᠴᠡᠴᠡᠭᠡᠢ ᠶᠢᠨ ᠲᠡᠮᠢᠷ ᠬᠢᠵᠤ ᠪᠤᠯᠤᠨ᠎ᠠ︔ ᠨᠢᠳᠤ ᠪᠠᠨ ᠲᠦᠷᠭᠡᠨ ᠠᠨᠢᠵᠤ᠂ ᠭᠡᠨᠡᠳᠳᠡ ᠨᠡᠭᠡᠭᠡᠨ᠎ᠠ︔ ᠲᠤᠯᠤᠭᠠᠢ ᠪᠠᠨ | ᠬᠥᠳᠡᠯᠭᠡᠬᠦ ᠦᠭᠡᠢ ᠪᠠᠷ ᠨᠢᠳᠤᠨ ᠴᠡᠴᠡᠭᠡᠢ ᠪᠠᠨ ᠪᠠᠷᠠᠭᠤᠨ᠂ ᠵᠡᠬᠦᠨ᠂ ᠲᠡᠭᠡᠭᠰᠢ᠂ ᠲᠤᠭᠤᠭᠰᠢ ᠶᠢᠨ ᠲᠠᠷᠠᠭᠠᠯᠠᠯ ᠢᠶᠠᠷ | ᠡᠷᠬᠢᠯᠳᠤᠬᠦᠯᠤᠨᠠ᠃ ᠲᠡᠭᠡᠷᠡᠬᠢ ᠮᠡᠳᠤ ᠪᠠᠷ 2~3 ᠤᠳᠠᠭ᠎ᠠ ᠲᠠᠪᠳᠠᠵᠤ ᠬᠢᠨ᠎ᠠ᠃ | ᠬᠤᠯᠠ ᠶᠢ ᠪᠠᠷᠠᠯᠠᠬᠤ ᠠᠷᠭ᠎ᠠ᠃ ᠶᠠᠫᠥᠨ ᠤ ᠨᠢᠳᠤᠨ ᠤ ᠡᠮᠨᠡᠯᠭᠡ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ | ᠡᠷᠬᠢᠯᠡᠭᠴᠢ᠂ ᠨᠢᠳᠤᠨ ᠤ ᠡᠮᠨᠡᠯᠭᠡ ᠶᠢᠨ ᠡᠮᠴᠢ ᠢᠰᠢᠺᠠᠸᠠ ︽5 ᠮᠢᠨᠦ᠋ᠲ ᠲᠤ ᠬᠠᠷᠠᠭ᠎ᠠ ᠰᠡᠷᠬᠦᠭᠡᠬᠦ ᠠᠷᠭ᠎ᠠ︾ ᠭᠡᠬᠦ | ᠨᠤᠮ ᠳᠠᠭᠠᠨ᠂ ᠬᠤᠯᠠ ᠶᠢ 3~5 ᠰᠧᠺᠦ᠋ᠨ᠋ᠳ᠋ ᠪᠠᠷᠠᠯᠠᠪᠠᠯ᠂ ᠤᠷᠳᠤ ᠬᠤᠭᠤᠴᠠᠭ᠎ᠠ ᠪᠠᠷ ᠦᠢᠷ᠎ᠠ ᠬᠠᠷᠠᠬᠤ ᠠᠴᠠ ᠪᠤᠯᠤᠭᠰᠠᠨ | ᠬᠠᠷᠠᠭ᠎ᠠ ᠶᠢᠨ ᠴᠢᠯᠡᠭᠡ ᠶᠢ ᠪᠦᠳᠤᠮᠵᠢᠳᠠᠢ ᠭᠠᠷᠭᠠᠵᠤ ᠪᠤᠯᠤᠨ᠎ᠠ᠃ ᠡᠬᠦᠨ ᠳᠤ ᠠᠩᠬᠠᠷᠤᠭᠤᠰᠢᠳᠠᠢ ᠨᠢ᠂ ᠬᠡᠳᠤ ᠬᠤᠯᠠ ᠶᠢ | ᠪᠠᠷᠠᠯᠠᠬᠤ ᠨᠢ ᠭᠡᠳᠡᠷᠬᠦ ᠪᠠᠨ ᠲᠤᠰᠠ ᠦᠭᠡᠢ ᠪᠠᠶᠢᠳᠠᠭ᠂ ᠲᠤᠯᠤᠭᠠᠢ ᠦᠨᠳᠡᠶᠢᠨ ᠲᠡᠭᠡᠪᠤᠷ ᠬᠠᠷᠠᠵᠤ ᠪᠤᠯᠤᠨ᠎ᠠ᠂ ᠡᠰᠡᠬᠦᠯ᠎ᠠ | ᠪᠠᠶᠢᠰᠢᠩ ᠤᠨ ᠨᠦᠬᠦᠭᠡ ᠲᠠᠯ᠎ᠠ ᠶᠢᠨ ᠬᠠᠨ᠎ᠠ ᠶᠢ ᠬᠠᠷᠠᠵᠤ ᠪᠤᠯᠤᠨ᠎ᠠ ᠭᠡᠵᠤ ᠬᠡᠯᠡᠵᠠᠢ᠃ |