ᠥᠬᠡᠷ ᠬᠤᠨᠢᠨ ᠮᠢᠬ᠎ᠠ ᠶᠢ ᠬᠥᠯᠳᠡᠭᠡᠬᠦᠷ ᠲᠤ ᠬᠠᠳᠠᠭᠠᠯᠠᠬᠤ ᠳᠠᠭᠠᠨ 6 ᠰᠠᠷ᠎ᠠ ᠠᠴᠠ ᠬᠡᠳᠤᠷᠠᠬᠦᠯᠵᠥ ᠪᠤᠯᠬᠤ ᠥᠬᠡᠢ
ᠨᠡᠶᠢᠲᠡᠯᠡᠭᠰᠡᠨ ᠴᠠᠭ᠄
2019-04-11
     ᠤᠯᠠᠩᠭᠢ ᠬᠥᠮᠥᠰ ᠡᠯ᠎ᠠ ᠵᠦᠢᠯ ᠤᠨ ᠢᠳᠡᠭᠡᠨ ᠢ ᠬᠥᠯᠳᠡᠬᠡᠬᠦᠷ ᠲᠡᠭᠡᠨ ᠴᠢᠬᠢᠬᠡᠳ ᠲᠠᠯᠪᠢᠴᠢᠬᠠᠪᠠᠯ ᠰᠠᠷ᠎ᠠ ᠬᠤᠷᠢ ᠬᠤᠨᠤᠭ ᠢᠶᠠᠷ ᠬᠠᠷᠠᠵᠥ ᠥᠵᠡᠬᠦ ᠥᠬᠡᠢ᠂ ᠬᠠᠶᠠᠨ ᠳᠤᠨᠢ ᠬᠠᠶᠠᠴᠢᠬᠠᠳᠠᠭ᠃ ᠢᠳᠡᠭᠡᠨ ᠢ ᠬᠥᠯᠳᠡᠬᠡᠬᠦᠷ ᠲᠤ ᠬᠠᠳᠠᠭᠠᠯᠠᠬᠤ ᠠᠷᠭ᠎ᠠ ᠪᠤᠷᠤᠭᠤᠳᠠᠪᠠᠯ᠂ ᠢᠳᠡᠭᠡᠨ ᠤ ᠪᠠᠺᠲ᠋ᠧᠷᠢ ᠤᠬᠤᠷᠬᠠᠨ ᠬᠤᠭᠤᠴᠠᠭᠠᠨ ᠳᠤ ᠬᠡᠳᠤᠨ ᠠᠷᠪᠠᠨ ᠲᠠᠬᠢᠨ ᠢᠶᠠᠷ ᠨᠡᠮᠡᠭᠳᠡᠳᠡᠭ᠃ ᠡᠶᠢᠮᠦ ᠢᠳᠡᠭᠡᠨ ᠢ ᠢᠳᠡᠪᠡᠯ ᠬᠥᠡᠭᠭᠡᠨ ᠳᠡᠭᠡᠨ ᠪᠥᠭᠡᠯᠵᠢᠬᠦᠯᠵᠥ ᠰᠠᠭᠤᠯᠭᠠᠨ᠂ ᠬᠥᠨᠳᠤᠷᠠᠪᠠᠯ ᠪᠥᠬᠦ ᠪᠡᠶ᠎ᠠ ᠬᠠᠯᠠᠭᠤᠷᠠᠵᠥ᠂ ᠨᠠᠩ ᠴᠢᠨᠠᠬᠰᠢᠯᠠᠪᠠᠯ ᠲᠡᠷᠢᠬᠢᠨ ᠤ ᠰᠠᠯᠢᠰᠤᠳᠤ ᠪᠥᠷᠬᠦᠪᠴᠢ ᠶᠢᠨ ᠥᠷᠪᠢᠰᠥᠯ ᠵᠡᠷᠭᠡ ᠶᠢ ᠡᠬᠦᠰᠬᠡᠨ᠂ ᠡᠷᠡᠭᠦᠯ ᠮᠡᠨᠳᠦ ᠶᠢ ᠬᠤᠬᠢᠷᠠᠭᠤᠯᠬᠤ ᠪᠤᠯᠤᠨ᠎ᠠ᠃      ᠬᠥᠯᠳᠡᠭᠡᠭᠦᠷ ᠲᠤ ᠮᠢᠬ᠎ᠠ ᠬᠦᠯᠳᠡᠭᠡᠬᠦ ᠳᠡᠭᠡᠨ ᠪᠥᠬᠦᠳᠡ ᠶᠢ ᠵᠢᠵᠢᠭᠯᠡᠨ ᠭᠡᠰᠡᠭᠯᠡᠵᠥ᠂ ᠬᠡᠰᠭᠡᠭᠰᠡᠨ ᠢᠶᠠᠨ ᠪᠠᠷᠢᠨ ᠢᠳᠡᠵᠥ ᠲᠠᠭᠤᠰᠬᠠᠨ᠎ᠠ᠃ ᠬᠥᠯᠳᠡᠭᠡᠭᠰᠡᠨ ᠥᠬᠡᠷ ᠬᠤᠨᠢᠨ ᠮᠢᠬ᠎ᠠ ᠶᠢ 3 — 6 ᠰᠠᠷ᠎ᠠ ᠶᠢᠨ ᠲᠤᠳᠤᠷ᠎ᠠ ᠢᠳᠡᠵᠥ ᠲᠠᠭᠤᠰᠬᠠᠨ᠂ ᠲᠠᠬᠢᠶ᠎ᠠ ᠨᠤᠭᠤᠰᠤ ᠵᠢᠭᠠᠰᠤᠨ ᠮᠢᠬ᠎ᠠ ᠶᠢ 1 — 2 ᠡᠳᠤᠷ ᠲᠤ ᠢᠳᠡᠵᠥ ᠲᠠᠭᠤᠰᠬᠠᠪᠠᠯ ᠵᠥᠬᠡᠷ ᠶᠤᠮ᠃ ᠨᠤᠭᠤᠭᠠᠨ ᠨᠠᠪᠴᠢᠳᠤ ᠢᠳᠡᠰᠢᠨ ᠨᠤᠭᠤᠭ᠎ᠠ ᠶᠢ 3 ᠡᠳᠤᠷ ᠬᠠᠳᠠᠭᠠᠯᠠᠨ᠂ ᠥᠨᠢᠶᠠᠨ ᠰᠥ ᠶᠢ 5 ᠡᠳᠤᠷ ᠬᠠᠳᠠᠭᠠᠯᠠᠨ᠂ ᠲᠥᠪᠡᠳ ᠬᠠᠰᠢ ᠵᠡᠷᠭᠡ ᠡᠰᠢᠯᠢᠭ ᠵᠢᠮᠢᠰ ᠨᠤᠭᠤᠭ᠎ᠠ ᠶᠢ 7 ᠡᠳᠤᠷ ᠠᠴᠠ ᠬᠡᠳᠤᠷᠠᠬᠦᠯᠬᠦ ᠥᠬᠡᠢ ᠪᠤᠯ ᠬᠠᠮᠤᠬ ᠤᠨ ᠰᠠᠶᠢᠨ᠃                                                ᠪᠠᠭᠤᠯᠭᠠᠭᠰᠠᠨ ᠨᠢ     ᠰᠠᠷᠠᠭᠤᠯ
 
ᠢᠷᠡᠯᠲᠡ᠄ ᠤᠯᠠᠭᠠᠨᠴᠠᠪ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2