ᠭᠤᠤᠯ ᠰᠡᠳᠦᠪ᠄ | ᠨᠡᠭᠦᠷᠡᠰᠦᠨ ᠤ ᠦᠨ᠎ᠡ ᠬᠠᠩᠰᠢ ᠶᠢᠨ ᠥᠰᠥᠯᠲᠡ ᠶᠢ ᠢᠳᠡᠪᠬᠢᠲᠡᠢ ᠠᠷᠭᠠᠴᠠᠵᠤ᠂ ᠠᠷᠠᠳ ᠤᠨ ᠠᠮᠢᠳᠤᠷᠠᠯ ᠤᠨ | ᠳᠤᠯᠠᠭᠠᠯᠠᠭ᠎ᠠ ᠶᠢ ᠪᠦᠬᠦ ᠬᠦᠴᠦᠨ ᠢᠶᠠᠷ ᠰᠠᠶᠢᠲᠤᠷ ᠠᠳᠬᠤᠨ᠎ᠠ᠃ | ᠴᠠᠭ᠄ | 2022 ᠣᠨ ᠤ 1 ᠰᠠᠷ᠎ᠠ ᠶᠢᠨ 4 ᠤ ᠡᠳᠦᠷ | ᠵᠣᠴᠢᠨ᠄ | ᠱᠠᠩᠳᠤ ᠰᠢᠶᠠᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ | ᠲᠣᠪᠴᠢᠶᠠᠨ ᠤ ᠳᠠᠷᠤᠭ᠎ᠠ ᠷᠧᠨ ᠬᠠᠢ ᠴᠢᠩ᠃ | ᠲᠣᠪᠴᠢᠯᠠᠯ᠄ | ᠰᠤᠷᠪᠤᠯᠵᠢᠯᠠᠭ᠎ᠠ ᠶᠢᠨ ᠠᠭᠤᠯᠭ᠎ᠠ᠄ | ᠰᠤᠷᠪᠤᠯᠵᠢᠯᠠᠭᠴᠢ᠄ ᠲᠠ ᠪᠢᠳᠡᠨ ᠳᠤ ᠱᠠᠩᠳᠤ ᠰᠢᠶᠠᠨ ᠤ ᠬᠤᠲᠠ ᠪᠠᠯᠭᠠᠰᠤᠨ ᠤ ᠲᠥᠪᠯᠡᠷᠡᠭᠦᠯᠦᠨ ᠢᠯᠴᠢ | ᠬᠠᠩᠭᠠᠵᠤ ᠪᠠᠶᠢᠭ᠎ᠠ ᠪᠠᠶᠢᠳᠠᠯ ᠢ ᠲᠠᠨᠢᠯᠴᠠᠭᠤᠯᠤᠭᠠᠳ ᠥᠭᠭᠦᠨ᠎ᠡ ᠦᠦ᠃ | ᠷᠧᠨ ᠬᠠᠶ ᠴᠢᠩ᠄ ᠱᠠᠩᠳᠤ ᠰᠢᠶᠠᠨ ᠳᠤ ᠣᠲᠣ ᠾᠧᠩ ᠾᠦᠢ᠂ ᠬᠤᠩ ᠱᠧᠩ᠂ ᠵᠢᠤᠢ ᠬᠤᠩ ᠪᠣᠯᠤᠨ ᠶᠤᠸᠠᠨ | ᠳ᠋ᠠ 4 ᠢᠯᠴᠢ ᠬᠠᠩᠭᠠᠬᠤ ᠠᠵᠤ ᠠᠬᠤᠶᠢᠯᠠᠯ ᠪᠠᠶᠢᠵᠤ᠂ ᠶᠡᠷᠦᠩᠬᠡᠶ ᠢᠯᠴᠢ ᠬᠠᠩᠭᠠᠬᠤ ᠴᠢᠳᠠᠪᠤᠷᠢ ᠨᠢ ᠪᠠᠷᠤᠭ 820 | ᠲᠦᠮᠡᠨ ᠲᠡᠭᠰᠢ ᠳᠥᠷᠪᠡᠯᠵᠢᠨ ᠮᠧᠲᠷ ᠪᠠᠶᠢᠵᠤ᠂ ᠪᠣᠳᠠᠲᠠᠶ ᠢᠯᠴᠢ ᠬᠠᠩᠭᠠᠬᠤ ᠲᠠᠯᠠᠪᠠᠶ ᠨᠢ 550 . 98 ᠲᠦᠮᠡᠨ | ᠲᠡᠭᠰᠢ ᠳᠥᠷᠪᠡᠯᠵᠢᠨ ᠮᠧᠲᠷ ᠪᠣᠯᠤᠨ᠎ᠠ᠃ ᠡᠭᠦᠨ ᠳᠤ ᠾᠧᠩ ᠾᠦᠢ ᠢᠯᠴᠢ ᠶᠢᠨ ᠬᠦᠴᠦᠨ ᠤ ᠺᠣᠮᠫᠠᠨᠢ ᠶᠢᠨ ᠢᠯᠴᠢ | ᠬᠠᠩᠭᠠᠬᠤ ᠬᠡᠮᠵᠢᠶ᠎ᠡ 386 . 71 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ᠂ ᠬᠤᠩ ᠱᠧᠩ ᠢᠯᠴᠢ ᠶᠢᠨ | ᠬᠦᠴᠦᠨ ᠤ ᠺᠣᠮᠫᠠᠨᠢ ᠶᠢᠨ ᠢᠯᠴᠢ ᠬᠠᠩᠭᠠᠬᠤ ᠬᠡᠮᠵᠢᠶ᠎ᠡ 73 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ᠂ | ᠵᠢᠥᠢ ᠬᠤᠩ ᠢᠯᠴᠢ ᠶᠢᠨ ᠬᠦᠴᠦᠨ ᠤ ᠺᠣᠮᠫᠠᠨᠢ ᠶᠢᠨ ᠢᠯᠴᠢ ᠬᠠᠩᠭᠠᠬᠤ ᠬᠡᠮᠵᠢᠶ᠎ᠡ 78 . 29 ᠲᠦᠮᠡᠨ ᠲᠡᠭᠰᠢ | ᠳᠥᠷᠪᠡᠯᠵᠢᠨ ᠮᠧᠲᠷ ᠲᠤ ᠬᠦᠷᠴᠦ᠂ ᠶᠤᠸᠠᠨ ᠳ᠋ᠠ ᠢᠯᠴᠢ ᠶᠢᠨ ᠬᠦᠴᠦᠨ ᠤ ᠺᠣᠮᠫᠠᠨᠢ ᠶᠢᠨ ᠢᠯᠴᠢ ᠬᠠᠩᠭᠠᠬᠤ | ᠬᠡᠮᠵᠢᠶ᠎ᠡ 12 . 98 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ ︵ᠣᠳᠣᠬᠠᠨ ᠳᠤ ᠬᠤᠩ ᠱᠧᠩ ᠠᠴᠠ | ᠡᠵᠡᠩᠨᠡᠵᠦ᠂ 12 ᠰᠠᠷ᠎ᠠ ᠶᠢᠨ ᠰᠡᠭᠦᠯᠴᠢ ᠪᠠᠷ ᠵᠢᠥᠢ ᠬᠤᠩ ᠠᠴᠠ ᠢᠯᠴᠢ ᠬᠠᠩᠭᠠᠬᠤ ᠪᠣᠯᠪᠠ︶᠂ ᠢᠯᠴᠢ ᠬᠠᠩᠭᠠᠬᠤ | ᠲᠦᠭᠡᠮᠡᠯᠵᠢᠭᠰᠡᠨ ᠨᠣᠷᠮ᠎ᠠ 87 % ᠳᠤ ᠬᠦᠷᠴᠡᠶ᠃ ᠨᠢᠳᠤᠨᠤᠨ ᠤ 10 ᠰᠠᠷ᠎ᠠ ᠠᠴᠠ ᠨᠠᠰᠢ᠂ ᠡᠯ᠎ᠡ ᠢᠯᠴᠢ ᠶᠢᠨ | ᠬᠦᠴᠦᠨ ᠤ ᠺᠣᠮᠫᠠᠨᠢ ᠰᠢᠶᠠᠨ ᠤ ᠨᠠᠮ ᠤᠨ ᠬᠤᠷᠢᠶ᠎ᠠ᠂ ᠰᠢᠶᠠᠨ ᠤ ᠵᠠᠰᠠᠭ ᠤᠨ ᠣᠷᠳᠣᠨ ᠤ ᠨᠢᠭᠡᠳᠦᠯᠲᠡᠶ | ᠲᠣᠬᠢᠷᠠᠭᠤᠯᠤᠯᠲᠠ ᠶᠣᠰᠣᠭᠠᠷ᠂ ᠲᠥᠬᠦᠭᠡᠷᠦᠮᠵᠢ ᠪᠠᠨ ᠬᠢᠨᠠᠮᠠᠭᠠᠶ ᠪᠠᠶᠢᠴᠠᠭᠠᠵᠤ᠂ ᠴᠠᠭ ᠲᠤᠬᠠᠶ ᠳᠤᠨᠢ ᠤᠰᠤ | ᠣᠷᠣᠭᠤᠯᠵᠤ᠂ ᠢᠯᠴᠢ ᠬᠠᠩᠭᠠᠬᠤ ᠠᠵᠢᠯ ᠢ ᠢᠳᠡᠪᠬᠢᠲᠡᠶ ᠥᠷᠨᠢᠭᠦᠯᠪᠡ᠃ ᠡᠭᠦᠨ ᠳᠤ ᠬᠤᠩ ᠱᠧᠩ ᠢᠯᠴᠢ ᠶᠢᠨ | ᠬᠦᠴᠦᠨ ᠤ ᠺᠣᠮᠫᠠᠨᠢ 10 ᠰᠠᠷ᠎ᠠ ᠶᠢᠨ 10 ᠤ ᠡᠳᠦᠷ ᠠᠴᠠ ᠡᠬᠢᠯᠡᠨ ᠲᠣᠭᠲᠠᠭᠰᠠᠨ ᠴᠠᠭ ᠲᠠᠭᠠᠨ ᠢᠯᠴᠢ ᠬᠠᠩᠭᠠᠵᠤ | ᠂ ᠾᠧᠩ ᠾᠦᠢ ᠪᠣᠯᠤᠨ ᠵᠢᠤᠢ ᠬᠤᠩ 13 ᠤ ᠡᠳᠦᠷ ᠠᠴᠠ ᠡᠬᠢᠯᠡᠨ ᠢᠯᠴᠢ ᠬᠠᠩᠭᠠᠨ᠎ᠠ᠃ ᠣᠳᠣᠬᠠᠨ ᠳᠤ | ᠳᠤᠯᠠᠭᠠᠯᠭ᠎ᠠ ᠶᠢᠨ ᠠᠵᠢᠯ ᠦᠨᠳᠦᠰᠦᠨ ᠳᠡᠭᠡᠨ ᠲᠣᠭᠲᠠᠭᠤᠨ ᠪᠠᠶᠢᠨ᠎ᠠ᠃ | ᠰᠤᠷᠪᠤᠯᠵᠢᠯᠠᠭᠴᠢ᠄ ᠡᠨᠡ ᠵᠢᠯ ᠤᠨ ᠨᠡᠭᠦᠷᠡᠰᠦᠨ ᠤ ᠦᠨ᠎ᠡ ᠬᠠᠩᠰᠢ ᠥᠰᠦᠭᠰᠡᠨ ᠬᠦᠴᠦᠨ ᠵᠦᠢᠯ ᠤᠨ ᠡᠮᠦᠨ᠎ᠡ᠂ | ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠰᠠᠯᠠᠭ᠎ᠠ ᠮᠥᠴᠢᠷ ᠢᠯᠴᠢ ᠬᠠᠩᠭᠠᠬᠤ | ᠺᠣᠮᠫᠠᠨᠢ ᠳᠤ ᠶᠠᠮᠠᠷ ᠶᠠᠮᠠᠷ ᠠᠷᠭᠠᠴᠠᠬᠤ ᠠᠷᠭ᠎ᠠ ᠬᠡᠮᠵᠢᠶ᠎ᠡ ᠠᠪᠤᠭᠰᠠᠨ ᠪᠣᠶ︖ | ᠷᠧᠨ ᠬᠠᠶ ᠴᠢᠩ᠄ ᠨᠢᠭᠡ ᠳᠤ ᠴᠢᠨᠠᠷ ᠰᠠᠶᠢᠲᠠᠶ ᠦᠨ᠎ᠡ ᠬᠢᠮᠳᠠ ᠨᠡᠭᠦᠷᠡᠰᠦᠨ ᠤ ᠢᠷᠡᠯᠲᠡ ᠶᠢ ᠢᠳᠡᠪᠬᠢᠲᠡᠶ | ᠡᠷᠢᠨ᠎ᠡ᠃ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠳᠣᠣᠷ᠎ᠠ ᠦᠨ᠎ᠡ ᠶᠢᠨ | ᠨᠡᠭᠦᠷᠡᠰᠦᠨ ᠤ ᠢᠷᠡᠯᠲᠡ ᠶᠢ ᠵᠣᠬᠢᠴᠠᠭᠤᠯᠤᠭᠰᠠᠨ ᠰᠠᠭᠤᠷᠢᠨ ᠳᠡᠭᠡᠷ᠎ᠡ᠂ ᠰᠢᠶᠠᠨ ᠤ ᠵᠠᠰᠠᠭ ᠤᠨ ᠣᠷᠳᠣᠨ ᠤ ᠬᠤᠪᠢᠳᠠᠨ | ᠬᠠᠮᠢᠶᠠᠷᠴᠤ ᠪᠦᠬᠦᠢ ᠤᠳᠤᠷᠢᠳᠤᠯᠭ᠎ᠠ ᠪᠠᠷ ᠲᠦᠷᠦᠭᠦᠯᠡᠭᠦᠯᠦᠨ᠂ ᠣᠷᠣᠨ ᠰᠠᠭᠤᠴᠠ ᠪᠠ ᠬᠤᠲᠠ ᠬᠥᠳᠡᠭᠡ ᠶᠢᠨ | ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠡᠯ᠎ᠡ ᠢᠯᠴᠢ ᠶᠢᠨ ᠬᠦᠴᠦᠨ ᠤ ᠺᠣᠮᠫᠠᠨᠢ ᠬᠠᠮᠵᠢᠯᠴᠠᠵᠤ᠂ ᠣᠯᠠᠨ | ᠲᠠᠯ᠎ᠠ ᠪᠠᠷ ᠴᠢᠨᠠᠷ ᠰᠠᠶᠢᠲᠠᠶ ᠦᠨ᠎ᠡ ᠬᠠᠩᠰᠢ ᠪᠠᠷ ᠳᠣᠣᠷ᠎ᠠ ᠨᠡᠭᠦᠷᠡᠰᠦᠨ ᠤ ᠢᠷᠡᠯᠲᠡ ᠶᠢ ᠡᠷᠢᠵᠦ᠂ ᠡᠳ᠋ ᠤᠨ | ᠵᠠᠰᠠᠭ ᠤᠨ ᠳᠠᠷᠤᠯᠲᠠ ᠪᠣᠯᠤᠨ ᠢᠯᠴᠢ ᠶᠢᠨ ᠬᠦᠴᠦᠨ ᠤ ᠺᠣᠮᠫᠠᠨᠢ ᠶᠢᠨ ᠳᠠᠷᠤᠭᠠᠰᠤ ᠶᠢ ᠠᠯᠢ ᠪᠣᠯᠬᠤ ᠪᠠᠷ ᠪᠠᠭᠠᠰᠬᠠᠬᠤ | ᠬᠡᠷᠡᠭᠲᠡᠶ᠃ ᠬᠤᠶᠠᠷ ᠲᠤ ᠵᠠᠰᠠᠭ ᠤᠨ ᠣᠷᠳᠣᠨ ᠠᠴᠠ ᠢᠯᠴᠢ ᠬᠠᠩᠭᠠᠬᠤ ᠨᠥᠬᠦᠪᠥᠷᠢ ᠥᠭᠴᠦ᠂ ᠥᠷᠭᠡᠨ ᠣᠯᠠᠨ | ᠰᠠᠭᠤᠭᠠᠯᠢ ᠠᠷᠠᠳ ᠤᠨ ᠰᠠᠨᠠᠭ᠎ᠠ ᠠᠮᠤᠷ ᠳᠤᠯᠠᠭᠠᠯᠠᠬᠤ ᠶᠢ ᠦᠨᠡᠨ ᠬᠦ ᠪᠠᠲᠤᠯᠠᠨ᠎ᠠ᠃ ᠰᠢᠶᠠᠨ ᠤ ᠠᠷᠠᠳ ᠤᠨ | ᠵᠠᠰᠠᠭ ᠤᠨ ᠣᠷᠳᠣᠨ ᠪᠠᠶᠢᠩᠭᠤ ᠶᠢᠨ ᠬᠤᠷᠠᠯ ᠬᠤᠷᠠᠯᠳᠤᠭᠤᠯᠵᠤ ᠰᠤᠳᠤᠯᠤᠭᠠᠳ ᠢᠯᠴᠢ ᠶᠢᠨ ᠬᠦᠴᠦᠨ ᠤ | ᠺᠣᠮᠫᠠᠨᠢ ᠶᠢᠨ ᠲᠡᠭᠰᠢ ᠳᠥᠷᠪᠡᠯᠵᠢᠨ ᠮᠧᠲᠷ ᠪᠦᠷᠢ ᠶᠢᠨ ᠢᠯᠴᠢ ᠬᠠᠩᠭᠠᠬᠤ ᠲᠡᠯᠡᠪᠡᠢ ᠳᠤ ᠨᠥᠬᠦᠪᠥᠷᠢ ᠥᠭᠪᠡ᠃ | ᠭᠤᠷᠪᠠ ᠳᠤ ᠢᠯᠴᠢ ᠶᠢᠨ ᠬᠦᠴᠦᠨ ᠤ ᠺᠣᠮᠫᠠᠨᠢ ᠶᠢᠨ ᠵᠢᠭᠡᠯᠡᠯᠭᠡ ᠶᠢ ᠵᠣᠬᠢᠴᠠᠭᠤᠯᠤᠨ᠎ᠠ᠃ ᠵᠠᠰᠠᠭ ᠤᠨ ᠣᠷᠳᠣᠨ ᠤ | ᠭᠤᠤᠯ ᠤᠳᠤᠷᠢᠳᠤᠯᠭ᠎ᠠ᠂ ᠬᠤᠪᠢᠳᠠᠨ ᠬᠠᠮᠢᠶᠠᠷᠬᠤ ᠤᠳᠤᠷᠢᠳᠤᠯᠭ᠎ᠠ ᠣᠯᠠᠨ ᠤᠳᠠᠭ᠎ᠠ ᠡᠳ᠋ ᠤᠨ ᠵᠠᠰᠠᠭ᠂ ᠣᠷᠣᠨ | ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ᠂ ᠲᠠᠷᠢᠶᠠᠯᠠᠩ ᠤᠨ ᠪᠠᠩᠬᠢ᠂ ᠠᠵᠤ | ᠦᠢᠯᠡᠳᠪᠦᠷᠢ ᠶᠢᠨ ᠪᠠᠩᠬᠢ ᠵᠡᠷᠭᠡ ᠬᠠᠮᠢᠶ᠎ᠠ ᠪᠥᠬᠦᠶ ᠰᠠᠯᠠᠭ᠎ᠠ ᠮᠥᠴᠢᠷ ᠢ ᠵᠣᠬᠢᠶᠠᠨ ᠪᠠᠶᠢᠭᠤᠯᠵᠤ᠂ ᠵᠢᠤᠢ ᠬᠤᠩ | ᠢᠯᠴᠢ ᠶᠢᠨ ᠬᠦᠴᠦᠨ ᠪᠠ ᠾᠧᠩ ᠬᠤᠶ ᠢᠯᠴᠢ ᠴᠠᠬᠢᠯᠭᠠᠨ ᠤ ᠺᠣᠮᠫᠠᠨᠢ ᠶᠢᠨ ᠵᠢᠭᠡᠯᠡᠯᠭᠡ ᠶᠢ ᠵᠣᠬᠢᠴᠠᠭᠤᠯᠪᠠ᠃ | ᠰᠤᠷᠪᠤᠯᠵᠢᠯᠠᠭᠴᠢ᠄ ᠰᠠᠭᠤᠭᠠᠯᠢ ᠠᠷᠠᠳ ᠤᠨ ᠡᠷᠦᠬᠡ ᠳᠤ ᠶᠠᠮᠠᠷ ᠶᠠᠮᠠᠷ ᠬᠦᠴᠢᠷ ᠠᠰᠠᠭᠤᠳᠠᠯ ᠢ ᠰᠢᠢᠳᠪᠦᠷᠢᠯᠡᠭᠰᠡᠨ | ᠪᠣᠶ︖ | ᠷᠧᠨ ᠬᠠᠶ ᠴᠢᠩ᠄ ᠣᠯᠠᠨ ᠵᠢᠯ ᠤᠨ ᠲᠤᠷᠰᠢ᠂ ᠬᠠᠭᠤᠴᠢᠨ ᠰᠠᠭᠤᠭᠠᠯᠢ ᠲᠣᠭᠤᠷᠢᠭ ᠤᠨ ᠢᠯᠴᠢ ᠬᠠᠩᠭᠠᠬᠤ | ᠬᠤᠭᠤᠯᠠᠶ ᠶᠢᠨ ᠲᠤᠤᠷ ᠢ ᠤᠳᠠᠭᠠᠨ ᠵᠢᠯ ᠵᠠᠰᠠᠭᠰᠠᠨ ᠥᠬᠡᠶ ᠠᠴᠠ ᠪᠣᠯᠵᠣ᠂ ᠣᠷᠣᠨ ᠰᠠᠭᠤᠴᠠ ᠶᠢᠨ ᠠᠰᠠᠷ ᠤᠨ | ᠨᠦᠬᠡᠨ ᠭᠤᠤ ᠶᠢᠨ ᠬᠤᠭᠤᠯᠠᠶ ᠪᠠ ᠨᠡᠭᠡᠯᠡᠬᠡᠶ ᠨᠢ ᠬᠠᠭᠤᠴᠢᠷᠠᠵᠤ᠂ ᠢᠳᠡᠭᠳᠡᠯ ᠤᠨ ᠪᠠᠶᠢᠳᠠᠯ ᠨᠡᠯᠢᠶᠡᠳ ᠬᠦᠨᠳᠦ | ᠨᠣᠴᠢᠲᠠᠶ ᠪᠠᠶᠢᠵᠤ᠂ ᠰᠠᠭᠤᠭᠠᠯᠢ ᠠᠷᠠᠳ ᠰᠡᠯᠪᠢᠨ ᠵᠠᠰᠠᠬᠤ ᠵᠠᠷᠤᠳᠠᠯ ᠢ ᠡᠭᠦᠷᠭᠡᠯᠡᠵᠦ ᠳᠡᠶᠢᠯᠬᠦ ᠥᠬᠡᠶ ᠪᠣᠯᠵᠠᠶ᠃ ᠡᠨᠡ | ᠬᠦ ᠠᠰᠠᠭᠤᠳᠠᠯ ᠳᠤ ᠴᠢᠭᠯᠡᠭᠦᠯᠦᠨ᠂ ᠪᠢᠳᠡ ᠭᠤᠤᠯᠳᠠᠭᠤ ᠳᠤᠤᠷᠠᠬᠢ ᠬᠡᠳᠦᠨ ᠲᠠᠯ᠎ᠠ ᠶᠢᠨ ᠠᠵᠢᠯ ᠢ ᠬᠢᠵᠡᠶ᠄ ᠨᠢᠭᠡ ᠳᠤ | ᠬᠠᠭᠤᠴᠢᠨ ᠰᠠᠭᠤᠭᠠᠯᠢ ᠠᠷᠠᠳ ᠤᠨ ᠲᠣᠭᠤᠷᠢᠭ ᠢ ᠥᠭᠡᠷᠡᠴᠢᠯᠡᠨ ᠰᠢᠨᠡᠳᠬᠡᠬᠦ ᠲᠥᠷᠥᠯ ᠵᠦᠢᠯ ᠢᠶᠠᠷ ᠳᠠᠮᠵᠢᠭᠤᠯᠤᠨ᠂ | 5 ᠬᠠᠭᠤᠴᠢᠨ ᠰᠠᠭᠤᠭᠠᠯᠢ ᠠᠷᠠᠳ ᠤᠨ ᠲᠣᠭᠤᠷᠢᠭ ᠤᠨ ᠲᠠᠪᠤᠨ ᠰᠠᠭᠤᠷᠢ ᠠᠰᠠᠷ ᠤᠨ ᠭᠤᠤ ᠵᠢᠴᠢ ᠰᠠᠭᠤᠭᠠᠯᠢ | ᠠᠷᠠᠳ ᠤᠨ ᠲᠣᠭᠤᠷᠢᠭ ᠤᠨ ᠬᠦᠷᠢᠶᠡᠨ ᠳᠠᠬᠢ ᠬᠤᠭᠤᠯᠠᠶ ᠲᠤᠤᠷ ᠢ ᠥᠭᠡᠷᠡᠴᠢᠯᠡᠨ ᠰᠢᠨᠡᠳᠬᠡᠪᠡ᠃ ᠬᠤᠶᠠᠷ ᠲᠤ | ᠰᠠᠭᠤᠭᠠᠯᠢ ᠠᠷᠠᠳ ᠤᠨ ᠲᠣᠭᠤᠷᠢᠭ ᠤᠨ ᠰᠠᠭᠤᠭᠠᠯᠢ ᠠᠷᠠᠳ ᠪᠠ ᠵᠠᠰᠠᠭ ᠤᠨ ᠣᠷᠳᠣᠨ ᠠᠴᠠ ᠲᠣᠰ ᠲᠣᠰ 50 | % ᠶᠢᠨ ᠪᠠᠯᠠ ᠮᠥᠩᠭᠦ ᠭᠠᠷᠭᠠᠬᠤ ᠠᠷᠭ᠎ᠠ ᠶᠢ ᠠᠪᠴᠤ᠂ ᠸᠠᠨ ᠹᠦ᠋ ᠬᠤᠸᠠ ᠶᠤᠸᠠᠨ ᠰᠠᠭᠤᠭᠠᠯᠢ ᠠᠷᠠᠳ ᠤᠨ | ᠲᠣᠭᠤᠷᠢᠭ ᠤᠨ 13 ᠠᠰᠠᠷ ᠤᠨ ᠨᠦᠬᠡᠨ ᠭᠤᠤ ᠬᠤᠭᠤᠯᠠᠶ ᠶᠢ ᠥᠭᠡᠷᠡᠴᠢᠯᠡᠨ ᠵᠠᠰᠠᠨ᠎ᠠ᠃ ᠭᠤᠷᠪᠠ ᠳᠤ ᠬᠢᠮᠳᠠ | ᠲᠦᠷᠢᠶᠡᠰᠦᠲᠦ ᠵᠢᠵᠢᠭ ᠲᠣᠭᠤᠷᠢᠭ ᠤᠨ ᠭᠠᠵᠠᠷ ᠳᠣᠣᠷᠠᠬᠢ ᠰᠤᠪᠠᠭ ᠬᠦᠨᠳᠦ ᠨᠣᠴᠢᠲᠠᠶ ᠢᠳᠡᠭᠳᠡᠵᠦ᠂ ᠬᠡᠷᠪᠡ | ᠰᠣᠯᠢᠬᠤ ᠦᠭᠡᠶ ᠪᠣᠯ ᠡᠨᠡ ᠵᠢᠯ ᠬᠡᠪ ᠤᠨ ᠶᠣᠰᠣᠭᠠᠷ ᠢᠯᠴᠢ ᠬᠠᠩᠭᠠᠵᠤ ᠳᠡᠶᠢᠯᠬᠦ ᠦᠭᠡᠶ ᠪᠣᠯᠪᠠᠴᠤ ᠰᠠᠭᠤᠭᠠᠯᠢ | ᠠᠷᠠᠳ ᠤᠨ ᠠᠮᠢᠳᠤᠷᠠᠯ ᠤᠨ ᠨᠥᠬᠦᠴᠡᠯ ᠨᠡᠯᠢᠶᠡᠳ ᠠᠨᠠᠶ ᠪᠠᠶᠢᠵᠤ᠂ 50 % ᠶᠢᠨ ᠰᠡᠯᠪᠢᠨ ᠵᠠᠰᠠᠬᠤ ᠵᠠᠷᠤᠳᠠᠯ ᠢ ᠴᠤ | ᠡᠭᠦᠷᠭᠡᠯᠡᠬᠦ ᠳᠤ ᠪᠡᠷᠬᠡ ᠲᠠᠢ ᠪᠣᠯᠬᠤᠷ᠂ ᠬᠤᠷᠠᠯ ᠠᠴᠠ ᠰᠤᠳᠤᠯᠬᠤ ᠪᠠᠷ ᠳᠠᠮᠵᠢᠭᠠᠳ᠂ ᠲᠤᠰ ᠵᠢᠵᠢᠭ ᠲᠣᠭᠤᠷᠢᠭ ᠤᠨ | 41314 ᠳ᠋ᠦᠭᠡᠷ ᠠᠰᠠᠷ ᠤᠨ ᠭᠠᠵᠠᠷ ᠳᠣᠣᠷᠠᠬᠢ ᠰᠤᠪᠠᠭ ᠲᠤ ᠪᠡᠯᠡ ᠣᠷᠣᠭᠤᠯᠬᠤ ᠪᠠᠷ ᠲᠣᠭᠲᠠᠪᠠ᠃ ᠯᠢ ᠶᠤᠸᠠᠨ | ᠶᠠᠩ ᠭᠤᠸᠠᠩ ᠪᠠᠭ᠎ᠠ ᠲᠣᠭᠤᠷᠢᠭ ᠤᠨ 7 ᠠᠰᠠᠷ ᠤᠨ ᠰᠠᠭᠤᠭᠠᠯᠢ ᠠᠷᠠᠳ ᠣᠯᠠᠨ ᠵᠢᠯ ᠤᠨ ᠲᠤᠷᠰᠢ ᠳᠤᠯᠠᠭᠠᠮᠵᠢ | ᠬᠠᠯᠠᠭᠤᠨ ᠪᠢᠰᠢ ᠭᠡᠵᠦ ᠵᠠᠭᠠᠯᠳᠤᠭᠰᠠᠭᠠᠷ ᠢᠷᠡᠵᠡᠢ᠂ ᠮᠠᠨ ᠤ ᠪᠠᠶᠢᠭᠤᠯᠭ᠎ᠠ ᠶᠢᠨ ᠠᠵᠢᠯᠲᠠᠨ ᠲᠤᠬᠠᠶ ᠶᠢᠨ ᠭᠠᠵᠠᠷ ᠤᠨ | ᠪᠠᠶᠢᠴᠠᠭᠠᠯᠲᠠ ᠪᠠᠷ ᠳᠠᠮᠵᠢᠨ᠂ ᠳᠤᠯᠠᠭᠠᠮᠵᠢ ᠬᠠᠯᠠᠭᠤᠨ ᠦᠭᠡᠢ ᠪᠠᠢᠬᠤ ᠶᠢᠨ ᠰᠢᠯᠲᠠᠭᠠᠨ ᠨᠢ ᠠᠰᠠᠷ ᠤᠨ | ᠳᠤᠯᠠᠭᠠᠮᠵᠢ ᠶᠢᠨ ᠡᠷᠦᠬᠡ ᠬᠤᠪᠢᠶᠠᠭᠰᠠᠨ ᠬᠤᠭᠤᠯᠠᠶ ᠶᠢᠨ ᠵᠢᠷᠤᠭ ᠲᠥᠯᠥᠪᠯᠡᠭᠡ ᠵᠣᠬᠢᠰ ᠦᠭᠡᠢ ᠠᠴᠠ ᠪᠣᠯᠵᠤ᠂ | ᠳᠤᠯᠠᠭᠠᠨ ᠤ ᠬᠡᠮᠵᠢᠶ᠎ᠡ ᠨᠡᠯᠢᠶᠡᠳ ᠳᠤᠤᠷ᠎ᠠ ᠪᠣᠯᠵᠠᠶ᠃ ᠡᠨᠡ ᠬᠦ ᠠᠰᠠᠭᠤᠳᠠᠯ ᠢ ᠰᠢᠢᠳᠪᠦᠷᠢᠯᠡᠬᠦ ᠶᠢᠨ ᠲᠥᠯᠥᠭᠡ᠂ | ᠲᠣᠪᠴᠢᠶᠠᠨ ᠤ ᠨᠠᠮ ᠤᠨ ᠬᠤᠷᠢᠶ᠎ᠠ ᠬᠤᠷᠠᠯ ᠬᠢᠵᠦ ᠰᠤᠳᠤᠯᠤᠭᠠᠳ᠂ ᠪᠠᠯᠠ ᠭᠠᠷᠭᠠᠵᠤ ᠪᠠᠶᠢᠭᠠᠳ ᠲᠣᠰ ᠵᠢᠵᠢᠭ | ᠲᠣᠭᠤᠷᠢᠭ ᠤᠨ ᠳᠤᠯᠠᠭᠠᠮᠵᠢ ᠶᠢᠨ ᠡᠷᠦᠬᠡ ᠬᠤᠪᠢᠶᠠᠭᠰᠠᠨ ᠬᠤᠭᠤᠯᠠᠶ ᠶᠢ ᠥᠭᠡᠷᠡᠴᠢᠯᠡᠬᠦ ᠪᠠᠷ ᠲᠣᠭᠲᠠᠪᠠ᠃ | ᠰᠠᠷᠠᠭᠤᠯ ᠪᠠᠭᠤᠯᠭᠠᠪᠠ |