︽ᠴᠢ ᠲᠠᠢ ᠡᠷᠲᠡᠨ ᠤ ᠦᠷᠲᠡᠭᠡ︾ ᠡᠭᠦᠳᠡᠨ ᠠᠰᠠᠷ ᠤᠨ ᠪᠠᠷᠢᠯᠭ᠎ᠠ ᠪᠣᠯ ᠮᠠᠨ ᠤ ᠰᠢᠶᠠᠨ ᠤ ᠬᠤᠲᠠ ᠶᠢᠨ | ᠶᠠᠪᠤᠳᠠᠯ ᠤᠨ ᠰᠠᠭᠤᠷᠢ ᠲᠥᠬᠦᠭᠡᠷᠦᠮᠵᠢ ᠶᠢᠨ ᠭᠤᠤᠯᠳᠠᠯᠭ᠎ᠠ ᠲᠠᠢ ᠢᠨᠵᠧᠨᠧᠷᠢᠩ ᠪᠣᠯᠤᠨ᠎ᠠ᠃ 2013 ᠣᠨ ᠤ 4 | ᠰᠠᠷ᠎ᠠ ᠶᠢᠨ 15 ᠤ ᠡᠳᠦᠷ ᠪᠠᠷᠢᠯᠭ᠎ᠠ ᠡᠬᠢᠯᠡᠭᠦᠯᠵᠦ᠂ 9 ᠰᠠᠷ᠎ᠠ ᠶᠢᠨ 20 ᠤ ᠡᠳᠦᠷ ᠪᠠᠷᠢᠯᠭ᠎ᠠ ᠳᠠᠭᠤᠰᠬᠠᠵᠤ᠂ 560 | ᠲᠦᠮᠡᠨ ᠲᠥᠭᠦᠷᠢᠭ ᠤᠨ ᠪᠡᠯᠡ ᠣᠷᠣᠭᠤᠯᠤᠯᠲᠠ ᠶᠢ ᠪᠡᠶᠡᠯᠡᠭᠦᠯᠪᠡ᠃ ᠡᠭᠦᠳᠡᠨ ᠠᠰᠠᠷ ᠤᠨ ᠦᠷᠭᠡᠨ ᠨᠢ 46.8 | ᠮᠧᠳ᠋ᠷ᠂ ᠥᠨᠳᠦᠷ ᠨᠢ 19.19 ᠮᠧᠳ᠋ᠷ᠂ 16 ᠳ᠋ᠢᠶᠠᠮᠧᠳ᠋ᠷ ᠠᠴᠠ ᠲᠣᠰ ᠪᠦᠷᠢ 85 ᠰᠡᠨᠲ᠋ᠢᠮᠧᠳ᠋ᠷ ᠪᠦᠬᠦᠢ | ᠲᠤᠯᠭᠠᠭᠤᠷ ᠢᠶᠠᠷ ᠲᠤᠯᠭᠠᠭᠤᠷᠯᠠᠭᠰᠠᠨ ᠪᠠᠶᠢᠨ᠎ᠠ᠃ ᠡᠨᠡ ᠬᠦ ᠭᠠᠵᠠᠷ ᠨᠢ ᠱᠠᠩ ᠵᠠᠩ ᠵᠠᠰᠠᠮᠠᠯ ᠵᠠᠮ ᠬᠢᠭᠡᠳ ᠬᠦᠬᠡᠬᠤᠲᠠ | ᠮᠠᠨᠵᠣᠷ ᠶᠡᠭᠡ ᠵᠠᠮ ᠤᠨ ᠠᠭᠤᠯᠵᠠᠷ ᠲᠤ ᠪᠠᠶᠢᠷᠢᠯᠠᠵᠦ ᠪᠣᠢ᠂ ᠴᠢᠩ ᠤᠯᠤᠰ ᠤᠨ ᠦᠶ᠎ᠡ ᠳᠤ ᠴᠢᠭᠤᠯᠤᠯᠲᠤ | ᠬᠠᠭᠠᠯᠭ᠎ᠠ ᠶᠢᠨ ᠬᠤᠳᠠᠯᠳᠤᠭᠠᠨ ᠤ ᠵᠠᠮ ᠤᠨ ᠲᠣᠯᠣᠳᠤᠭᠠᠷ ᠤᠯᠠᠭ᠎ᠠ ᠦᠷᠳᠡᠭᠡ ᠶᠢᠨ ᠵᠠᠪᠠᠯ ᠦᠩᠭᠡᠷᠡᠬᠦ ᠭᠠᠵᠠᠷ | ᠪᠣᠯᠣᠨ᠎ᠠ᠃ ᠡᠭᠦᠳᠡᠨ ᠤ ᠰᠠᠷᠠᠪᠴᠢ ᠶᠢᠨ ᠳᠠᠪᠬᠤᠷᠯᠢᠭ ᠳᠠᠪᠬᠤᠷᠯᠢᠭ ᠦᠨᠴᠦᠭ᠂ ᠰᠡᠶᠢᠯᠦᠮᠡᠯ ᠤᠨ ᠲᠤᠯᠭᠠᠭᠤᠷ ᠪᠠ | ᠪᠢᠯᠬᠠᠵᠤ ᠪᠠᠶᠢᠭ᠎ᠠ ᠦᠩᠭᠡ ᠬᠢᠯᠪᠠᠭ᠎ᠠ ᠰᠠᠴᠤᠷᠠᠨ᠂ ᠡᠷᠲᠡᠨ ᠤ ᠦᠩᠭᠡᠳᠦ ᠬᠦᠵᠢᠰ ᠤᠨ ᠦᠨᠦᠷ ᠬᠠᠩᠬᠤᠯᠤᠨ᠎ᠠ᠃ | ᠬᠤᠶᠠᠷ ᠬᠠᠵᠠᠭᠤ ᠶᠢᠨ ᠰᠡᠭᠦᠳᠡᠷ ᠬᠠᠨ᠎ᠠ ᠳᠡᠭᠡᠷ᠎ᠡ ᠡᠷᠲᠡᠨ ᠤ ᠤᠯᠠᠭ᠎ᠠ ᠥᠷᠲᠡᠭᠡ ᠪᠠᠷ ᠫᠠᠨᠽᠠᠯᠠᠨ ᠵᠥᠭᠡᠭᠡᠪᠦᠷᠢᠯᠡᠭᠰᠡᠨ | ᠦᠬᠡᠷ ᠲᠡᠷᠭᠡ᠂ ᠲᠠᠰᠤᠷᠠᠯᠲᠠ ᠦᠭᠡᠢ ᠦᠷᠭᠦᠯᠵᠢᠯᠡᠭᠰᠡᠨ ᠲᠡᠮᠡᠭᠡᠨ ᠵᠢᠩ᠂ ᠬᠠᠶᠢᠷᠰᠤ ᠰᠠᠴᠠᠭᠤ ᠬᠤᠳᠠᠯᠳᠤᠭᠠᠨ ᠤ | ᠳᠡᠯᠭᠡᠭᠦᠷ ᠪᠠ ᠨᠠᠭᠠᠰᠢ ᠴᠠᠭᠠᠰᠢ ᠰᠦᠯᠵᠢᠯᠳᠦᠭᠰᠡᠨ ᠬᠤᠳᠠᠯᠳᠤᠭᠠᠴᠢᠨ ᠢ ᠲᠤᠰ ᠲᠤᠰ ᠵᠢᠷᠤᠵᠤ᠂ ᠡᠷᠲᠡᠨ ᠤ ᠤᠯᠠᠭ᠎ᠠ | ᠥᠷᠲᠡᠭᠡᠨ ᠤ ᠠᠷᠠᠯᠵᠢᠶ᠎ᠠ ᠬᠤᠳᠠᠯᠳᠤᠭᠠᠨ ᠤ ᠦᠢᠯᠡᠰ ᠤᠨ ᠴᠡᠴᠡᠭᠯᠡᠨ ᠬᠥᠭᠵᠢᠭᠰᠡᠨ ᠪᠠᠶᠢᠳᠠᠯ ᠢ ᠠᠮᠢᠳᠤᠯᠢᠭ ᠢᠶᠠᠷ | ᠢᠯᠡᠷᠡᠭᠦᠯᠪᠡ᠃ ︽ᠴᠢ ᠲᠠᠢ ᠡᠷᠲᠡᠨ ᠤ ᠦᠷᠲᠡᠭᠡ︾ ᠡᠭᠦᠳᠡᠨ ᠠᠰᠠᠷ ᠢ ᠪᠠᠶᠢᠭᠤᠯᠬᠤ ᠶᠢᠨ ᠬᠠᠮᠲᠤ᠂ ᠲᠡᠭᠦᠨ ᠤ | ᠪᠠᠶᠢᠭ᠎ᠠ ᠵᠠᠮ ᠢ 9 ᠮᠧᠳ᠋ᠷ ᠪᠣᠯᠭᠠᠨ ᠥᠷᠭᠡᠳᠬᠡᠵᠦ᠂ ᠵᠠᠮ ᠤᠨ ᠬᠤᠶᠠᠷ ᠲᠠᠯ᠎ᠠ ᠪᠠᠷ ᠲᠣᠰ ᠲᠣᠰ 9 ᠮᠧᠳ᠋ᠷ ᠥᠷᠭᠡᠨ | ᠨᠣᠭᠤᠭᠠᠷᠠᠭᠤᠯᠤᠯᠲᠠ ᠶᠢᠨ ᠪᠦᠰᠡ ᠶᠢ ᠳᠠᠷᠢᠵᠤ᠂ ᠭᠠᠳᠠᠭᠰᠢ ᠭᠠᠷᠬᠤ ᠭᠠᠵᠠᠷ ᠢ ᠪᠢᠴᠢᠯ ᠭᠠᠵᠠᠷ ᠤᠨ ᠪᠠᠶᠢᠴᠠ ᠶᠢᠨ | ᠨᠣᠭᠤᠭᠠᠷᠠᠭᠤᠯᠤᠯᠲᠠ ᠶᠢ ᠴᠡᠭᠴᠡᠯᠡᠨ ᠵᠠᠰᠠᠪᠠ᠃ ︽ᠴᠢ ᠲᠠᠢ ᠡᠷᠲᠡᠨ ᠤ ᠦᠷᠲᠡᠭᠡ︾ ᠡᠭᠦᠳᠡᠨ ᠠᠰᠠᠷ ᠤᠨ | ᠪᠦᠲᠦᠭᠡᠨ ᠪᠠᠶᠢᠭᠤᠯᠤᠯᠲᠠ ᠨᠢ ᠬᠤᠲᠠ ᠪᠠᠯᠭᠠᠰᠤᠨ ᠤ ᠳᠦᠷᠢ ᠲᠥᠷᠬᠦ ᠶᠢ ᠰᠠᠶᠢᠵᠢᠷᠠᠭᠤᠯᠵᠤ᠂ ᠰᠣᠶᠣᠯ ᠤᠨ ᠴᠢᠨᠠᠷ | ᠳᠡᠰ ᠢ ᠳᠡᠭᠡᠭᠰᠢᠯᠡᠭᠦᠯᠪᠡ᠃ | | |