ᠱᠠᠩᠳᠤ ᠰᠢᠶᠠᠨ ᠪᠣᠯ ᠥᠪᠥᠷ ᠮᠣᠩᠭᠤᠯ ᠤᠨ ᠥᠨᠳᠦᠷᠯᠢᠭ ᠲᠤ ᠪᠠᠶᠢᠷᠢᠯᠠᠵᠤ᠂ ᠬᠢᠵᠠᠭᠠᠷ ᠳᠣᠲᠣᠷᠠᠬᠢ ᠳᠠᠯᠠᠶ ᠶᠢᠨ | ᠲᠦᠪᠰᠢᠨ ᠠᠴᠠ ᠳᠤᠮᠳᠠᠴᠢ ᠪᠠᠷ 1400 ᠮᠧᠳ᠋ᠷ ᠡᠷᠭᠦᠭᠳᠡᠵᠡᠢ᠃ ᠪᠦᠬᠦ ᠬᠤᠲᠠ ᠶᠢᠨ ᠭᠠᠵᠠᠷ ᠤᠨ ᠪᠠᠶᠢᠴᠠ ᠨᠢ | ᠲᠡᠭᠰᠢ ᠪᠤᠰᠤ᠂ ᠪᠠᠷᠠᠭᠤᠨ ᠢᠶᠠᠨ ᠥᠨᠳᠥᠷ ᠵᠡᠭᠦᠨᠰᠢ ᠨᠠᠮ ᠳᠣᠷᠣᠢ ᠪᠠᠶᠢᠯᠭᠠᠵᠤ᠂ ᠵᠡᠭᠦᠨ ᠡᠮᠦᠨ᠎ᠡ ᠣᠷᠣᠨ ᠵᠦᠭ | ᠬᠡᠯᠪᠠᠶᠢᠯᠭᠡᠨ᠎ᠡ᠃ ᠮᠤᠨᠢ ᠠᠭᠤᠯᠠ ᠶᠢᠨ ᠵᠡᠭᠦᠨ ᠪᠠᠷᠠᠭᠤᠨ ᠲᠠᠯ᠎ᠠ ᠶᠢᠨ ᠪᠤᠳᠤᠯᠢᠶᠠᠨᠲᠠᠢ ᠲᠣᠭᠲᠠᠴᠠ ᠶᠢᠨ ᠪᠦᠰᠡ ᠪᠠ | ᠶᠡᠭᠡ ᠬᠢᠩᠭᠠᠨ ᠳᠠᠪᠠᠭ᠎ᠠ ᠶᠢᠨ ᠰᠢᠨ᠎ᠡ ᠬᠤᠸᠠᠰᠢᠶᠠ ᠶᠢᠨ ᠡᠷᠭᠦᠭᠳᠡᠭᠰᠡᠨ ᠪᠦᠰᠡ ᠶᠢᠨ ᠠᠭᠤᠯᠵᠠᠷ ᠲᠤ ᠪᠠᠶᠢᠭ᠎ᠠ ᠪᠣᠯᠬᠤᠷ | ᠣᠯᠠᠨ ᠶᠠᠩᠵᠤ ᠶᠢᠨ ᠭᠠᠵᠠᠷ ᠤᠨ ᠳᠦᠷᠰᠦ ᠪᠤᠢ ᠪᠣᠯᠵᠤ᠂ ᠶᠡᠭᠡ ᠲᠥᠯᠥᠪ ᠨᠠᠯᠠᠤ ᠳᠣᠪᠤ᠂ ᠪᠣᠭᠤᠨᠢ ᠠᠭᠤᠯᠠ | ᠳᠣᠪᠣᠷᠬᠠᠭ᠂ ᠠᠭᠤᠯᠠ ᠶᠢᠨ ᠬᠤᠭᠤᠷᠤᠨᠳᠤᠬᠢ ᠬᠤᠲᠣᠭᠤᠷ ᠭᠠᠵᠠᠷ᠂ ᠭᠤᠣᠯ ᠤᠨ ᠬᠥᠨᠳᠡᠢ ᠶᠢᠨ ᠬᠤᠲᠣᠭᠤᠷ ᠭᠠᠵᠠᠷ | ᠵᠡᠷᠭᠡ ᠪᠠᠶᠢᠳᠠᠭ᠃ ᠭᠤᠣᠯ ᠪᠣᠯᠬᠤ ᠠᠭᠤᠯᠠ ᠳᠤ ᠵᠡᠭᠡᠷᠭᠡᠨ᠎ᠡ ᠶᠢᠨ ᠠᠭᠤᠯᠠ᠂ ᠴᠢᠩ ᠱᠢ ᠨᠣᠣ ᠱᠠᠨ ᠠᠭᠤᠯᠠ᠂ | ᠶᠤᠸᠠᠨ ᠪᠣᠣ ᠱᠠᠨ᠂ ᠲᠦᠩ ᠳ᠋ᠢᠩ ᠱᠠᠨ᠂ ᠮᠠ ᠽᠦᠩ ᠱᠠᠨ᠂ ᠬᠤᠸᠠᠩ ᠯᠦᠩ ᠳ᠋ᠦᠩ ᠱᠠᠨ᠂ ᠭᠦᠩ ᠵᠢᠢ ᠱᠠᠨ | ᠠᠭᠤᠯᠠ᠂ ᠳ᠋ᠠ ᠵᠢᠢ ᠱᠠᠨ ᠠᠭᠤᠯᠠ ᠵᠡᠷᠭᠡ ᠪᠤᠢ᠃ | ᠵᠡᠭᠡᠷᠭᠡᠨ᠎ᠡ ᠶᠢᠨ ᠠᠭᠤᠯᠠ ᠲᠠᠯ᠎ᠠ ᠳᠦᠭᠦᠷᠡᠩ ᠵᠡᠭᠡᠷᠭᠡᠨ᠎ᠡ ᠶᠢᠨ ᠡᠪᠡᠰᠦ ᠶᠢ ᠳᠦᠭᠦᠷᠲᠡᠯ᠎ᠡ ᠠᠯᠳᠠᠷᠰᠢᠭᠰᠠᠨ ᠠᠴᠠ | ᠠᠭᠤᠯᠠ ᠨᠢᠷᠤᠭᠤᠳ ᠨᠢ ᠦᠷᠭᠦᠯᠵᠢᠯᠡᠨ᠂ ᠮᠢᠩᠭᠠᠨ ᠭᠠᠵᠠᠷ ᠰᠦᠯᠵᠢᠯᠳᠦᠵᠦ᠂ ᠣᠶᠢᠷ᠎ᠠ ᠣᠷᠴᠢᠮ ᠤᠨ ᠬᠥᠮᠥᠰ | ᠵᠡᠭᠡᠷᠭᠡᠨ᠎ᠡ ᠪᠠᠨ ︽ᠨᠢᠭᠡ ᠵᠡᠭᠡᠷᠭᠡᠨ᠎ᠡ︾ ︽ᠬᠤᠶᠠᠷ ᠵᠡᠭᠡᠷᠭᠡᠨ᠎ᠡ︾ ︽ᠳᠥᠷᠪᠡᠨ ᠵᠡᠭᠡᠷᠭᠡᠨ᠎ᠡ︾ ᠭᠡᠵᠦ ᠬᠤᠪᠢᠶᠠᠨ᠂ | ᠠᠭᠤᠯᠠᠨ ᠳᠡᠭᠡᠷ᠎ᠡ ᠵᠡᠭᠡᠷᠭᠡᠨ᠎ᠡ ᠶᠢᠨ ᠰᠢᠷ᠎ᠠ᠂ ᠴᠢᠨ ᠤ ᠪᠠᠷᠢᠭᠤᠯᠲᠤ ᠵᠡᠷᠭᠡ ᠵᠠᠭᠤ ᠭᠠᠷᠤᠢ ᠵᠦᠢᠯ ᠤᠨ ᠡᠮ ᠤᠨ | ᠮᠠᠲ᠋ᠧᠷᠢᠶᠠᠯ ᠪᠠᠶᠢᠳᠠᠭ᠃ | | | | | | | |