ᠱᠠᠩᠳᠤ ᠰᠢᠶᠠᠨ ᠤ ᠰᠢᠶᠠᠩ ᠾᠧ ᠠᠭᠤᠳᠠᠮ ᠲᠠᠯᠠᠪᠠᠢ ᠶᠢ 1998 ᠣᠨ ᠳᠤ ᠡᠬᠢᠯᠡᠨ ᠪᠠᠶᠢᠭᠤᠯᠵᠤ᠂ 6.8 | ᠲᠦᠮᠡᠨ ᠲᠡᠭᠰᠢ ᠳᠥᠷᠪᠡᠯᠵᠢᠨ ᠮᠧᠳ᠋ᠷ ᠲᠠᠯᠠᠪᠠᠢ ᠲᠠᠢ᠂ ᠣᠳᠣᠬᠠᠨ ᠳᠤ᠂ 8064 ᠮᠧᠳ᠋ᠷ ᠤᠷᠳᠤ ᠭᠠᠨᠳᠢᠭ ᠴᠢᠯᠠᠭᠤᠨ | ᠵᠠᠮ ᠳᠠᠭᠠᠤ ᠴᠢᠯᠠᠭᠤ ᠶᠢ 8064 ᠮᠧᠳ᠋ᠷ ᠳᠡᠪᠢᠰᠴᠦ᠂ ᠵᠠᠮ ᠤᠨ ᠮᠥᠷᠥ ᠶᠢᠨ ᠲᠣᠭᠤᠰᠬ᠎ᠠ 7383 ᠲᠡᠭᠰᠢ | ᠳᠥᠷᠪᠡᠯᠵᠢᠨ ᠮᠧᠳ᠋ᠷ ᠳᠡᠪᠢᠰᠴᠦ᠂ 3180 ᠲᠡᠭᠰᠢ ᠳᠥᠷᠪᠡᠯᠵᠢᠨ ᠮᠧᠳ᠋ᠷ ᠥᠷᠭᠡᠳᠬᠡᠵᠦ᠂ 4600 ᠲᠡᠭᠰᠢ | ᠳᠥᠷᠪᠡᠯᠵᠢᠨ ᠮᠧᠳ᠋ᠷ ᠬᠠᠲᠠᠭᠤᠷᠠᠭᠤᠯᠪᠠ᠃ 50 ᠲᠦᠮᠡᠨ ᠲᠥᠭᠦᠷᠢᠭ ᠪᠡᠯᠡ ᠣᠷᠣᠭᠤᠯᠵᠤ᠂ ᠴᠢᠩᠬᠤᠸᠠ ᠶᠡᠭᠡ | ᠰᠤᠷᠭᠠᠭᠤᠯᠢ ᠶᠢᠨ ᠭᠤᠸ᠎ᠠ ᠰᠠᠢᠬᠠᠨ ᠤ ᠬᠦᠷᠢᠶᠡᠯᠡᠩ ᠵᠢᠷᠤᠵᠤ ᠲᠥᠯᠥᠪᠯᠡᠵᠦ᠂ ᠠᠭᠤᠳᠠᠮ ᠲᠠᠯᠠᠪᠠᠢ ᠳᠤ ᠨᠢᠭᠡ ᠱᠤᠭᠤᠮ | ᠠᠯ ᠢ ᠪᠠᠢᠭᠤᠯᠪᠠ᠃ ᠱᠠᠩᠳᠤ ᠰᠢᠶᠠᠨ ᠤ ᠬᠥᠮᠦᠨ ᠢᠶᠠᠷ ᠦᠨᠳᠦᠰᠦ ᠪᠣᠯᠭᠠᠬᠤ ᠲᠥᠷᠥ ᠪᠠᠷᠢᠬᠤ ᠣᠶᠢᠯᠠᠭᠠᠭᠳᠠᠬᠤᠨ ᠪᠠ | ︽ᠭᠤᠷᠪᠠᠨᠵᠢᠯᠲᠠ︾ ᠶᠢᠨ ᠵᠣᠬᠢᠴᠠᠩᠭᠤᠶ ᠬᠥᠭᠵᠢᠯᠲᠡ ᠶᠢ ᠴᠢᠷᠮᠠᠶᠢᠨ ᠠᠬᠢᠭᠤᠯᠬᠤ ᠡᠷᠡᠰ ᠵᠣᠷᠢᠭ ᠢ ᠪᠡᠯᠭᠡᠳᠡᠵᠦ | ᠪᠠᠶᠢᠨ᠎ᠠ᠃ ᠠᠭᠤᠳᠠᠮ ᠲᠠᠯᠠᠪᠠᠢ ᠳᠤ ᠰᠢᠨ᠎ᠡ ᠪᠠᠷ 30 ᠦᠵᠡᠮᠵᠢ ᠶᠢᠨ ᠳ᠋ᠧᠩ ᠤᠭᠰᠠᠷᠠᠵᠤ᠂ ᠲᠤᠮᠤ ᠬᠡᠯᠪᠡᠷᠢ ᠶᠢᠨ | ᠡᠯᠧᠺᠳ᠋ᠷᠣᠨ ᠳᠡᠯᠭᠡᠴᠡ ᠶᠢ ᠨᠡᠮᠡᠨ ᠲᠣᠬᠢᠷᠠᠭᠤᠯᠤᠭᠰᠠᠨ ᠪᠥᠭᠡᠳ ᠠᠭᠤᠳᠠᠮ ᠲᠠᠯᠠᠪᠠᠢ ᠳᠠᠬᠢ ᠨᠢᠴᠦᠭᠦᠨ ᠭᠠᠵᠠᠷ ᠢ | ᠪᠦᠬᠦᠨ ᠢ ᠨᠣᠭᠤᠭᠠᠷᠠᠭᠤᠯᠵᠤ᠂ ᠵᠦᠯᠭᠡ ᠶᠢᠨ ᠲᠣᠭᠤᠷᠢᠭ᠂ ᠮᠠ ᠯᠢᠶᠠᠨ ᠲᠣᠭᠤᠷᠢᠭ ᠪᠣᠯᠤᠨ ᠵᠢᠩ ᠲᠢᠶᠠᠨ ᠰᠢᠷᠢᠰ | ᠡᠪᠡᠰᠦ ᠴᠡᠴᠡᠭ ᠤᠨ ᠲᠣᠭᠤᠷᠢᠭ ᠢ ᠪᠦᠳᠦᠭᠡᠨ ᠪᠠᠶᠢᠭᠤᠯᠵᠤ᠂ ᠬᠠᠲᠠᠭᠤᠷᠠᠭᠤᠯᠤᠭᠰᠠᠨ ᠪᠠ ᠨᠣᠭᠤᠭᠠᠷᠠᠭᠤᠯᠤᠯᠲᠠ ᠶᠢᠨ | ᠵᠠᠪᠰᠠᠷ ᠲᠤ ᠨᠣᠭᠤᠭᠠᠨ ᠠᠯᠢᠮ᠎ᠠ ᠶᠢᠨ ᠬᠡᠷᠡᠮ ᠲᠠᠷᠢᠪᠠ᠃ | ᠥᠨᠥᠳᠦᠷ ᠤᠨ ᠰᠢᠶᠠᠩ ᠾᠧ ᠠᠭᠤᠳᠠᠮ ᠲᠠᠯᠠᠪᠠᠶ ᠳᠤ ᠡᠳᠦᠷ ᠢᠶᠠᠷ ᠡᠪᠡᠰᠦ ᠨᠣᠭᠤᠭ᠎ᠠ ᠬᠥᠬᠡᠷᠡᠨ ᠨᠣᠭᠤᠭᠠᠷᠠᠵᠤ᠂ | ᠬᠥᠪᠰᠥᠭᠡᠷ ᠡᠪᠡᠰᠦ ᠬᠠᠩᠭᠢᠨᠠᠵᠤ᠂ ᠬᠥᠮᠦᠰ ᠤᠨ ᠠᠩᠬᠠᠷᠤᠯ ᠢ ᠲᠠᠲᠠᠪᠠ︔ ᠣᠷᠦ᠋ᠢᠬᠠᠨ ᠥᠩᠭᠡᠲᠦ ᠳ᠋ᠧᠩ ᠭᠢᠯᠠᠯᠵᠠᠨ | ᠂ ᠰᠥᠨᠢ ᠶᠢᠨ ᠵᠠᠬ᠎ᠠ ᠳᠡᠯᠭᠡᠭᠦᠷ ᠬᠥᠭᠵᠢᠶᠡᠨᠲᠡᠢ ᠪᠠᠶᠢᠵᠤ᠂ ᠬᠥᠮᠦᠰ ᠲᠤ ᠨᠢᠭᠡ ᠵᠦᠢᠯ ᠤᠨ ᠤᠳᠤ ᠦᠶ᠎ᠡ ᠶᠢᠨ | ᠬᠤᠳᠠ ᠶᠢᠨ ᠷᠣᠮᠠᠨᠲ᠋ᠢᠭ ᠵᠠᠩ ᠠᠭᠠᠯᠢ ᠶᠢ ᠠᠪᠴᠢᠷᠠᠵᠤ ᠥᠭᠪᠡ᠃ | |