ᠲᠦᠮᠦᠰᠦ᠄    ᠱᠠᠩᠳᠤ ᠰᠢᠶᠠᠨ ᠤ ᠵᠢᠤᠢ ᠬᠤᠩ ᠲᠥᠮᠥᠰᠥ ᠶᠢᠨ ᠵᠢᠵᠢᠭ ᠪᠠᠯᠭᠠᠰᠤᠨ ᠤ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2023/10/17
ᠱᠠᠩᠳᠤ ᠰᠢᠶᠠᠨ ᠤ ᠵᠢᠤᠢ ᠬᠤᠩ ᠲᠥᠮᠥᠰᠥ ᠶᠢᠨ ᠵᠢᠵᠢᠭ ᠪᠠᠯᠭᠠᠰᠤᠨ ᠤ ᠲᠥᠷᠥᠯ ᠵᠦᠢᠯ ᠨᠢ ᠱᠠᠩᠳᠤ ᠰᠢᠶᠠᠨ ᠤ ᠴᠢ ᠲᠠᠢ ᠪᠠᠯᠭᠠᠰᠤᠨ ᠳᠤ ᠪᠠᠶᠢᠷᠢᠯᠠᠵᠤ᠂ ᠭᠤᠤᠯ ᠣᠷᠣᠨ ᠪᠦᠰᠡ ᠨᠢ 5.5 ᠲᠡᠭᠰᠢ ᠳᠥᠷᠪᠡᠯᠵᠢᠨ ᠺᠢᠯᠣᠮᠧᠳ᠋ᠷ ᠪᠠᠶᠢᠵᠤ ᠂ ᠪᠥᠲᠥᠭᠡᠨ ᠪᠠᠶᠢᠭᠤᠯᠤᠯᠲᠠ ᠶᠢᠨ ᠲᠠᠯᠠᠪᠠᠶ ᠨᠢ 8178 ᠮᠥ᠂ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠨᠢ 1445 ᠮᠥ᠂ ᠪᠠᠷᠢᠯᠭ᠎ᠠ ᠶᠢᠨ ᠲᠠᠯᠠᠪᠠᠶ ᠨᠢ 37.1 ᠲᠦᠮᠡᠨ ᠲᠡᠭᠰᠢ ᠳᠥᠷᠪᠡᠯᠵᠢᠨ ᠮᠧᠳ᠋ᠷ ᠪᠠᠶᠢᠵᠤ᠂ 18.55 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠬᠤ ᠪᠠᠷ ᠲᠥᠯᠥᠪᠯᠡᠵᠦ᠂ 2019 ᠣᠨ ᠳᠤ ᠤᠯᠤᠰ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ︽ᠮᠢᠩᠭᠠᠨ ᠠᠵᠤ ᠠᠬᠤᠶᠢᠯᠠᠯ ᠮᠢᠩᠭᠠᠨ ᠪᠠᠯᠭᠠᠰᠤᠨ ᠤ ᠢᠨᠵᠧᠨᠧᠷᠢᠩ︾ ᠤᠨ ᠤᠨᠴᠠᠯᠢᠭᠳᠤ ᠵᠢᠵᠢᠭ ᠪᠠᠯᠭᠠᠰᠤᠨ ᠤ ᠲᠥᠷᠥᠯ ᠵᠦᠢᠯ ᠤᠨ ᠬᠥᠮᠥᠷᠭᠡ ᠪᠠᠷ ᠰᠣᠩᠭᠤᠭᠳᠠᠪᠠ᠃    ᠲᠣᠰ ᠲᠥᠷᠥᠯ ᠵᠦᠶ᠋ᠯ ᠨᠢ ᠱᠠᠩᠳᠤ ᠰᠢᠶᠠᠨ ᠤ ᠲᠥᠮᠥᠰᠥ ᠶᠢᠨ ᠠᠵᠤ ᠦᠶ᠋ᠯᠡᠰ ᠤᠨ ᠳᠠᠪᠠᠭᠤᠯᠢᠭ ᠨᠥᠬᠦᠴᠡᠯ ᠢ ᠭᠦᠶ᠋ᠴᠡᠳ ᠠᠰᠢᠭᠯᠠᠨ᠂ ᠴᠢ ᠲᠠᠢ ᠪᠠᠯᠭᠠᠰᠤᠨ ᠤ ᠴᠢᠨᠠᠷ ᠰᠠᠶᠢᠲᠠᠶ ᠭᠠᠵᠠᠷ ᠵᠦᠶ ᠶᠢᠨ ᠣᠷᠴᠢᠨ ᠲᠣᠭᠤᠷᠢᠨ ᠳᠤ ᠲᠦᠰᠢᠭᠯᠡᠨ᠂ ᠲᠥᠮᠥᠰᠥ ᠶᠢᠨ ᠦᠶ᠋ᠯᠡᠳᠪᠦᠷᠢᠯᠡᠯ ᠤᠨ ᠰᠢᠨᠵᠢᠯᠡᠬᠦ ᠤᠬᠠᠭᠠᠨ ᠮᠡᠷᠭᠡᠵᠢᠯ᠂ ᠡᠳ᠋ᠰᠢᠭᠦᠯᠬᠦ ᠵᠢᠱᠢᠶ᠎ᠡ ᠦᠵᠡᠭᠦᠯᠬᠦ ᠲᠠᠪᠴᠠᠩ ᠪᠣᠯᠤᠨ ᠪᠥᠬᠦ ᠠᠵᠤ ᠦᠶ᠋ᠯᠡᠰ ᠤᠨ ᠦᠶ᠋ᠯᠡᠴᠢᠯᠡᠭᠡᠨ ᠤ ᠲᠠᠪᠴᠠᠩ ᠢ ᠬᠦᠴᠦᠯᠡᠨ ᠪᠠᠶᠢᠭᠤᠯᠵᠤ᠂ ︽ᠨᠢᠭᠡ ᠰᠡᠳᠬᠢᠯ᠂ ᠨᠢᠭᠡ ᠲᠡᠩᠭᠡᠯᠢᠭ︾ ᠢᠶᠠᠷ ᠭᠤᠤᠯ ᠪᠣᠯᠭᠠᠭᠰᠠᠨ ᠰᠢᠨᠵᠢᠯᠡᠬᠦ ᠤᠬᠠᠭᠠᠨ ᠮᠡᠷᠭᠡᠵᠢᠯ ᠤᠨ ᠵᠢᠱᠢᠶ᠎ᠡ ᠦᠵᠡᠭᠦᠯᠬᠦ᠂ ᠲᠠᠷᠢᠶᠠᠯᠠᠩ ᠤᠨ ᠦᠶ᠋ᠯᠡᠳᠪᠦᠷᠢᠯᠡᠯ᠂ ᠲᠥᠮᠥᠰᠥ ᠡᠳ᠋ᠰᠢᠭᠦᠯᠬᠦ᠂ ᠡᠯᠧᠺᠳ᠋ᠷᠣᠨ ᠬᠤᠳᠠᠯᠳᠤᠭᠠᠨ ᠤ ᠪᠠᠷᠠᠭᠠᠨ ᠤ ᠭᠦᠶ᠋ᠯᠭᠡᠭᠡ᠂ ᠡᠷᠡᠭᠦᠯ ᠮᠡᠨᠳᠦ ᠪᠡᠶ᠎ᠡ ᠰᠤᠪᠢᠯᠠᠯᠲᠠ᠂ ᠠᠮᠢ ᠠᠬᠤᠶ ᠶᠢᠨ ᠵᠢᠭᠤᠯᠴᠢᠯᠠᠯ ᠢ ᠨᠢᠭᠡ ᠴᠣᠭᠴᠠᠵᠢᠭᠤᠯᠤᠭᠰᠠᠨ ᠠᠵᠢᠯᠯᠠᠬᠤ ᠳᠤ ᠲᠣᠬᠢᠷᠠᠮᠵᠢᠲᠠᠶ᠂ ᠵᠢᠭᠤᠯᠴᠢᠯᠠᠬᠤ ᠳᠤ ᠲᠣᠬᠢᠷᠠᠮᠵᠢᠲᠠᠶ᠂ ᠣᠷᠣᠰᠢᠨ ᠰᠠᠭᠤᠬᠤ ᠳᠤ ᠲᠣᠬᠢᠷᠠᠮᠵᠢᠲᠠᠶ᠂ ᠲᠡᠵᠢᠭᠡᠬᠦ ᠳᠤ ᠲᠣᠬᠢᠷᠠᠮᠵᠢᠲᠠᠶ ᠤᠨᠴᠠᠯᠢᠬᠳᠤ ᠵᠢᠵᠢᠭ ᠪᠠᠯᠭᠠᠰᠤ ᠶᠢ ᠪᠠᠶᠢᠭᠤᠯᠤᠨ᠎ᠠ᠃    ᠲᠥᠷᠥᠯ ᠵᠦᠶ᠋ᠯ ᠪᠠᠶᠢᠭᠤᠯᠤᠭᠳᠠᠭᠰᠠᠨ ᠤ ᠳᠠᠷᠠᠭ᠎ᠠ 4.5 ᠲᠦᠮᠡᠨ ᠬᠥᠮᠦᠨ ᠢ ᠪᠠᠭᠲᠠᠭᠠᠵᠤ᠂ 8000 ᠠᠵᠢᠯ ᠤᠨ ᠪᠠᠶᠢᠷᠢ ᠶᠢ ᠰᠢᠭᠤᠳ ᠰᠢᠨ᠎ᠡ ᠪᠠᠷ ᠨᠡᠮᠡᠭᠳᠡᠭᠦᠯᠵᠦ᠂ ᠡᠷᠬᠢᠨ ᠲᠣᠭᠤᠷᠢᠨ ᠤ ᠬᠠᠮᠢᠶ᠎ᠠ ᠪᠥᠬᠦᠶ ᠠᠵᠤ ᠦᠶ᠋ᠯᠡᠰ ᠤᠨ ᠬᠥᠭᠵᠢᠯᠲᠡ ᠶᠢ ᠨᠥᠯᠥᠭᠡᠯᠡᠨ ᠳᠠᠶᠢᠴᠢᠯᠠᠵᠤ᠂ 2 ᠲᠦᠮᠡ ᠭᠠᠷᠤᠶ ᠠᠵᠢᠯ ᠤᠨ ᠪᠠᠶᠢᠷᠢ ᠬᠠᠩᠭᠠᠵᠤ᠂ ᠵᠢᠯ ᠪᠦᠷᠢ 38.8 ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠣᠷᠣᠯᠭ᠎ᠠ ᠶᠢ ᠪᠣᠶ ᠪᠣᠯᠭᠠᠬᠤ ᠪᠠ ᠳᠠᠶᠢᠴᠢᠯᠠᠵᠤ ᠪᠣᠯᠤᠨ᠎ᠠ    ᠱᠠᠩᠳᠤ ᠰᠢᠶᠠᠨ ᠤ ᠵᠢᠤᠢ ᠬᠤᠩ ᠲᠥᠮᠥᠰᠥ ᠶᠢᠨ ᠵᠢᠵᠢᠭ ᠪᠠᠯᠭᠠᠰᠤᠨ ᠤ ᠲᠣᠪᠴᠢ ᠲᠠᠨᠢᠯᠴᠠᠭᠤᠯᠭ᠎ᠠ    ᠱᠠᠩᠳᠤ ᠰᠢᠶᠠᠨ ᠤ ᠵᠢᠤᠢ ᠬᠤᠩ ᠲᠥᠮᠥᠰᠥ ᠶᠢᠨ ᠵᠢᠵᠢᠭ ᠪᠠᠯᠭᠠᠰᠤᠨ ᠤ ᠲᠥᠷᠥᠯ ᠵᠦᠢᠯ ᠨᠢ ᠱᠠᠩᠳᠤ ᠰᠢᠶᠠᠨ ᠤ ᠴᠢ ᠲᠠᠢ ᠪᠠᠯᠭᠠᠰᠤᠨ ᠳᠤ ᠪᠠᠶᠢᠷᠢᠯᠠᠵᠤ᠂ ᠭᠤᠤᠯ ᠣᠷᠣᠨ ᠪᠦᠰᠡ ᠨᠢ 5.5 ᠲᠡᠭᠰᠢ ᠳᠥᠷᠪᠡᠯᠵᠢᠨ ᠺᠢᠯᠣᠮᠧᠳ᠋ᠷ ᠪᠠᠶᠢᠵᠤ ᠂ ᠪᠥᠲᠥᠭᠡᠨ ᠪᠠᠶᠢᠭᠤᠯᠤᠯᠲᠠ ᠶᠢᠨ ᠲᠠᠯᠠᠪᠠᠶ ᠨᠢ 8178 ᠮᠥ᠂ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠨᠢ 1445 ᠮᠥ᠂ ᠪᠠᠷᠢᠯᠭ᠎ᠠ ᠶᠢᠨ ᠲᠠᠯᠠᠪᠠᠶ ᠨᠢ 37.1 ᠲᠦᠮᠡᠨ ᠲᠡᠭᠰᠢ ᠳᠥᠷᠪᠡᠯᠵᠢᠨ ᠮᠧᠳ᠋ᠷ ᠪᠠᠶᠢᠵᠤ᠂ 18.55 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠬᠤ ᠪᠠᠷ ᠲᠥᠯᠥᠪᠯᠡᠵᠦ᠂ 2019 ᠣᠨ ᠳᠤ ᠤᠯᠤᠰ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ︽ᠮᠢᠩᠭᠠᠨ ᠠᠵᠤ ᠠᠬᠤᠶᠢᠯᠠᠯ ᠮᠢᠩᠭᠠᠨ ᠪᠠᠯᠭᠠᠰᠤᠨ ᠤ ᠢᠨᠵᠧᠨᠧᠷᠢᠩ︾ ᠤᠨ ᠤᠨᠴᠠᠯᠢᠭᠳᠤ ᠵᠢᠵᠢᠭ ᠪᠠᠯᠭᠠᠰᠤᠨ ᠤ ᠲᠥᠷᠥᠯ ᠵᠦᠢᠯ ᠤᠨ ᠬᠥᠮᠥᠷᠭᠡ ᠪᠠᠷ ᠰᠣᠩᠭᠤᠭᠳᠠᠪᠠ᠃    ᠲᠣᠰ ᠲᠥᠷᠥᠯ ᠵᠦᠶ᠋ᠯ ᠨᠢ ᠱᠠᠩᠳᠤ ᠰᠢᠶᠠᠨ ᠤ ᠲᠥᠮᠥᠰᠥ ᠶᠢᠨ ᠠᠵᠤ ᠦᠶ᠋ᠯᠡᠰ ᠤᠨ ᠳᠠᠪᠠᠭᠤᠯᠢᠭ ᠨᠥᠬᠦᠴᠡᠯ ᠢ ᠭᠦᠶ᠋ᠴᠡᠳ ᠠᠰᠢᠭᠯᠠᠨ᠂ ᠴᠢ ᠲᠠᠢ ᠪᠠᠯᠭᠠᠰᠤᠨ ᠤ ᠴᠢᠨᠠᠷ ᠰᠠᠶᠢᠲᠠᠶ ᠭᠠᠵᠠᠷ ᠵᠦᠶ ᠶᠢᠨ ᠣᠷᠴᠢᠨ ᠲᠣᠭᠤᠷᠢᠨ ᠳᠤ ᠲᠦᠰᠢᠭᠯᠡᠨ᠂ ᠲᠥᠮᠥᠰᠥ ᠶᠢᠨ ᠦᠶ᠋ᠯᠡᠳᠪᠦᠷᠢᠯᠡᠯ ᠤᠨ ᠰᠢᠨᠵᠢᠯᠡᠬᠦ ᠤᠬᠠᠭᠠᠨ ᠮᠡᠷᠭᠡᠵᠢᠯ᠂ ᠡᠳ᠋ᠰᠢᠭᠦᠯᠬᠦ ᠵᠢᠱᠢᠶ᠎ᠡ ᠦᠵᠡᠭᠦᠯᠬᠦ ᠲᠠᠪᠴᠠᠩ ᠪᠣᠯᠤᠨ ᠪᠥᠬᠦ ᠠᠵᠤ ᠦᠶ᠋ᠯᠡᠰ ᠤᠨ ᠦᠶ᠋ᠯᠡᠴᠢᠯᠡᠭᠡᠨ ᠤ ᠲᠠᠪᠴᠠᠩ ᠢ ᠬᠦᠴᠦᠯᠡᠨ ᠪᠠᠶᠢᠭᠤᠯᠵᠤ᠂ ︽ᠨᠢᠭᠡ ᠰᠡᠳᠬᠢᠯ᠂ ᠨᠢᠭᠡ ᠲᠡᠩᠭᠡᠯᠢᠭ︾ ᠢᠶᠠᠷ ᠭᠤᠤᠯ ᠪᠣᠯᠭᠠᠭᠰᠠᠨ ᠰᠢᠨᠵᠢᠯᠡᠬᠦ ᠤᠬᠠᠭᠠᠨ ᠮᠡᠷᠭᠡᠵᠢᠯ ᠤᠨ ᠵᠢᠱᠢᠶ᠎ᠡ ᠦᠵᠡᠭᠦᠯᠬᠦ᠂ ᠲᠠᠷᠢᠶᠠᠯᠠᠩ ᠤᠨ ᠦᠶ᠋ᠯᠡᠳᠪᠦᠷᠢᠯᠡᠯ᠂ ᠲᠥᠮᠥᠰᠥ ᠡᠳ᠋ᠰᠢᠭᠦᠯᠬᠦ᠂ ᠡᠯᠧᠺᠳ᠋ᠷᠣᠨ ᠬᠤᠳᠠᠯᠳᠤᠭᠠᠨ ᠤ ᠪᠠᠷᠠᠭᠠᠨ ᠤ ᠭᠦᠶ᠋ᠯᠭᠡᠭᠡ᠂ ᠡᠷᠡᠭᠦᠯ ᠮᠡᠨᠳᠦ ᠪᠡᠶ᠎ᠡ ᠰᠤᠪᠢᠯᠠᠯᠲᠠ᠂ ᠠᠮᠢ ᠠᠬᠤᠶ ᠶᠢᠨ ᠵᠢᠭᠤᠯᠴᠢᠯᠠᠯ ᠢ ᠨᠢᠭᠡ ᠴᠣᠭᠴᠠᠵᠢᠭᠤᠯᠤᠭᠰᠠᠨ ᠠᠵᠢᠯᠯᠠᠬᠤ ᠳᠤ ᠲᠣᠬᠢᠷᠠᠮᠵᠢᠲᠠᠶ᠂ ᠵᠢᠭᠤᠯᠴᠢᠯᠠᠬᠤ ᠳᠤ ᠲᠣᠬᠢᠷᠠᠮᠵᠢᠲᠠᠶ᠂ ᠣᠷᠣᠰᠢᠨ ᠰᠠᠭᠤᠬᠤ ᠳᠤ ᠲᠣᠬᠢᠷᠠᠮᠵᠢᠲᠠᠶ᠂ ᠲᠡᠵᠢᠭᠡᠬᠦ ᠳᠤ ᠲᠣᠬᠢᠷᠠᠮᠵᠢᠲᠠᠶ ᠤᠨᠴᠠᠯᠢᠬᠳᠤ ᠵᠢᠵᠢᠭ ᠪᠠᠯᠭᠠᠰᠤ ᠶᠢ ᠪᠠᠶᠢᠭᠤᠯᠤᠨ᠎ᠠ᠃    ᠲᠥᠷᠥᠯ ᠵᠦᠶ᠋ᠯ ᠪᠠᠶᠢᠭᠤᠯᠤᠭᠳᠠᠭᠰᠠᠨ ᠤ ᠳᠠᠷᠠᠭ᠎ᠠ 4.5 ᠲᠦᠮᠡᠨ ᠬᠥᠮᠦᠨ ᠢ ᠪᠠᠭᠲᠠᠭᠠᠵᠤ᠂ 8000 ᠠᠵᠢᠯ ᠤᠨ ᠪᠠᠶᠢᠷᠢ ᠶᠢ ᠰᠢᠭᠤᠳ ᠰᠢᠨ᠎ᠡ ᠪᠠᠷ ᠨᠡᠮᠡᠭᠳᠡᠭᠦᠯᠵᠦ᠂ ᠡᠷᠬᠢᠨ ᠲᠣᠭᠤᠷᠢᠨ ᠤ ᠬᠠᠮᠢᠶ᠎ᠠ ᠪᠥᠬᠦᠶ ᠠᠵᠤ ᠦᠶ᠋ᠯᠡᠰ ᠤᠨ ᠬᠥᠭᠵᠢᠯᠲᠡ ᠶᠢ ᠨᠥᠯᠥᠭᠡᠯᠡᠨ ᠳᠠᠶᠢᠴᠢᠯᠠᠵᠤ᠂ 2 ᠲᠦᠮᠡ ᠭᠠᠷᠤᠶ ᠠᠵᠢᠯ ᠤᠨ ᠪᠠᠶᠢᠷᠢ ᠬᠠᠩᠭᠠᠵᠤ᠂ ᠵᠢᠯ ᠪᠦᠷᠢ 38.8 ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠣᠷᠣᠯᠭ᠎ᠠ ᠶᠢ ᠪᠣᠶ ᠪᠣᠯᠭᠠᠬᠤ ᠪᠠ ᠳᠠᠶᠢᠴᠢᠯᠠᠵᠤ ᠪᠣᠯᠤᠨ᠎ᠠ    
 
ᠢᠷᠡᠯᠲᠡ᠄ ᠱᠠᠩᠳᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2