︽ᠲᠠ ᠨᠠᠷ ᠵᠢᠯ ᠤᠨ ᠲᠤᠷᠰᠢ ᠴᠠᠬᠢᠯᠭᠠᠨ ᠬᠡᠷᠡᠭᠯᠡᠬᠦ ᠲᠥᠬᠦᠭᠡᠷᠦᠮᠵᠢ ᠶᠢ ᠪᠠᠶᠢᠴᠠᠭᠠᠬᠤ ᠳᠤ ᠬᠡᠷᠡᠭᠯᠡᠨ᠎ᠡ᠂ ᠮᠠᠨ ᠤ | ᠡᠪᠦᠯ ᠤᠨ ᠳᠤᠯᠠᠭᠠᠯᠠᠭ᠎ᠠ ᠳᠤ ᠬᠡᠷᠡᠭᠯᠡᠬᠦ ᠴᠠᠬᠢᠯᠭᠠᠨ ᠢ ᠰᠡᠳᠬᠢᠯ ᠠᠮᠤᠷᠭᠤᠯᠤᠭᠰᠠᠨ ᠮᠥᠷᠲᠡᠭᠡᠨ ᠰᠠᠨᠠᠭ᠎ᠠ ᠠᠮᠤᠷ ᠪᠠᠶᠢᠯ᠎ᠠ︕︾ | ᠭᠡᠵᠦ ᠬᠡᠯᠡᠪᠡ᠃ ᠣᠶᠢᠷ᠎ᠠ ᠳᠤ᠂ ᠱᠠᠩᠳᠤ ᠰᠢᠶᠠᠨ ᠤ ᠰᠢᠶᠤᠤ ᠬᠠᠶ ᠽᠢ ᠪᠠᠯᠭᠠᠰᠤᠨ ᠤ ᠰᠢᠶᠠᠩ ᠶᠠᠩ ᠲᠣᠰᠬᠤᠨ ᠳᠤ᠂ | ᠲᠣᠰ ᠲᠣᠰᠬᠤᠨ ᠤ ᠠᠷᠠᠳ ᠸᠠᠩ ᠠᠶ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠳᠤᠯᠠᠭᠠᠯᠠᠭ᠎ᠠ ᠳᠤ ᠬᠡᠷᠡᠭᠯᠡᠬᠦ | ᠲᠥᠬᠦᠭᠡᠷᠦᠮᠵᠢ ᠶᠢ ᠪᠠᠶᠢᠴᠠᠭᠠᠬᠤ ᠪᠠᠷ ᠢᠷᠡᠭᠰᠡᠨ ᠱᠠᠩᠳᠤ ᠶᠢᠨ ᠴᠠᠬᠢᠯᠭᠠᠨ ᠬᠠᠩᠭᠠᠬᠤ ᠺᠣᠮᠫᠠᠨᠢ ᠶᠢᠨ ᠠᠵᠢᠯᠲᠠᠨ ᠳᠤ | ᠲᠠᠯᠠᠷᠬᠠᠵᠤ ᠪᠠᠶᠢᠨ᠎ᠠ᠃ | ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠬᠡᠷᠡᠭᠯᠡᠭᠴᠢᠳ ᠲᠤ ᠴᠢᠨᠠᠷ ᠰᠠᠶᠢᠲᠠᠶ ᠴᠠᠬᠢᠯᠭᠠᠨ ᠬᠠᠩᠭᠠᠬᠤ | ᠪᠠᠲᠤᠯᠠᠭ᠎ᠠ ᠶᠢᠨ ᠦᠢᠯᠡᠴᠢᠯᠡᠭᠡ ᠶᠢ ᠦᠨᠡᠨ ᠬᠦ ᠬᠦᠷᠲᠡᠭᠡᠬᠦ ᠶᠢᠨ ᠲᠥᠯᠥᠭᠡ᠂ ᠱᠠᠩᠳᠤ ᠴᠠᠬᠢᠯᠭᠠᠨ ᠬᠠᠩᠭᠠᠬᠤ ᠺᠣᠮᠫᠠᠨᠢ ︽ | ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠬᠡᠷᠡᠭᠯᠡᠭᠴᠢ ᠶᠢᠨ ᠲᠣᠭᠲᠠᠭᠤᠨ ᠪᠥᠭᠡᠳ ᠨᠠᠶᠢᠳᠠᠪᠤᠷᠢᠲᠠᠶ ᠴᠠᠬᠢᠯᠭᠠᠨ | ᠬᠡᠷᠡᠭᠯᠡᠬᠦ ᠶᠢ ᠪᠠᠲᠤᠯᠠᠬᠤ ᠪᠠᠷ ᠭᠤᠤᠯᠳᠠᠯᠭ᠎ᠠ ᠲᠠᠢ ᠡᠭᠦᠷᠭᠡ ᠪᠣᠯᠭᠠᠵᠤ᠂ ᠡᠯ᠎ᠡ ᠵᠦᠶ᠋ᠯ ᠤᠨ ᠪᠠᠲᠤᠯᠠᠭ᠎ᠠ ᠶᠢᠨ ᠠᠷᠭ᠎ᠠ | ᠬᠡᠮᠵᠢᠶ᠎ᠡ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠡᠷᠦᠬᠡ ᠶᠢ | ᠭᠤᠤᠯᠳᠠᠯᠭ᠎ᠠ ᠲᠠᠢ ᠦᠶ᠋ᠯᠡᠴᠢᠯᠡᠬᠦ ᠡᠲᠡᠭᠡᠳ ᠪᠣᠯᠭᠠᠵᠤ᠂ ᠠᠵᠢᠯᠲᠠᠨ ᠢ ᠲᠣᠬᠢᠷᠠᠭᠤᠯᠤᠨ ᠶᠡᠭᠡ ᠬᠡᠮᠵᠢᠶᠡᠨ ᠤ ᠠᠵᠢᠯ ᠬᠢᠯᠭᠡᠵᠦ᠂ | ᠰᠠᠭᠤᠭᠠᠯᠢ ᠠᠷᠠᠳ ᠤᠨ ᠠᠮᠤᠷ ᠲᠦᠪᠰᠢᠨ ᠢᠶᠠᠷ ᠴᠠᠬᠢᠯᠭᠠᠨ ᠬᠡᠷᠡᠭᠯᠡᠬᠦ ᠶᠢ ᠪᠥᠬᠦ ᠬᠦᠴᠦᠨ ᠢᠶᠠᠷ ᠢᠶᠠᠨ ᠪᠠᠲᠤᠯᠠᠪᠠ᠃ ︽ | ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠵᠣᠴᠢᠨ ᠡᠷᠦᠬᠡ ᠶᠢᠨ ︽ᠰᠦᠯᠵᠢᠶᠡᠨ ᠳᠡᠭᠡᠷᠡᠬᠢ ᠪᠠ ᠰᠦᠯᠵᠢᠶᠡᠨ ᠠᠴᠠ | ᠭᠠᠳᠠᠭᠤᠷᠬᠢ ᠬᠤᠶᠠᠷ ᠠᠷᠭ᠎ᠠ ᠵᠠᠮ ᠤᠨ ᠦᠢᠯᠡᠴᠢᠯᠡᠭᠡ ᠶᠢ ᠪᠠᠶᠢᠭᠤᠯᠵᠤ᠂ ᠲᠠᠪᠴᠠᠩ ᠲᠣᠭᠤᠷᠢᠭ ᠤᠨ ᠳᠠᠭᠠᠭᠠᠮᠠᠯ ᠸᠢᠴᠠᠲ ᠤᠨ | ᠬᠤᠯᠪᠤᠭ᠎ᠠ ᠶᠢ ᠪᠠᠶᠢᠭᠤᠯᠵᠤ᠂ ᠲᠣᠰᠬᠤᠨ ᠤ ᠵᠥᠪᠯᠡᠯ ᠲᠠᠢ ᠰᠠᠨᠠᠭᠠᠴᠢᠯᠠᠭ᠎ᠠ ᠠᠴᠠ ᠪᠠᠨ ᠵᠣᠯᠭᠠᠭᠤᠯᠵᠤ᠂ ᠳᠤᠯᠠᠭᠠᠯᠠᠭ᠎ᠠ ᠶᠢᠨ | ᠴᠠᠬᠢᠯᠭᠠᠨ ᠬᠡᠷᠡᠭᠯᠡᠵᠦ ᠪᠠᠶᠢᠭ᠎ᠠ ᠪᠠᠶᠢᠳᠠᠯ ᠢ ᠪᠠᠶᠢᠴᠠᠭᠠᠨ ᠰᠤᠳᠤᠯᠵᠤ᠂ ᠬᠡᠷᠡᠭᠯᠡᠭᠴᠢ ᠶᠢᠨ ᠪᠣᠳᠠᠲᠠᠶ ᠳᠤᠯᠠᠭᠠᠯᠠᠭ᠎ᠠ ᠶᠢᠨ | ᠬᠡᠷᠡᠭᠴᠡᠭᠡ ᠱᠠᠭᠠᠷᠳᠠᠯᠭ᠎ᠠ ᠶᠢ ᠤᠶᠢᠯᠠᠭᠠᠨ᠂ ᠬᠡᠷᠡᠭᠯᠡᠭᠴᠢᠳ ᠲᠤ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ | ᠴᠠᠬᠢᠯᠭᠠᠨ ᠤ ᠦᠨ᠎ᠡ ᠶᠢᠨ ᠲᠥᠷᠥ ᠶᠢᠨ ᠪᠣᠳᠣᠯᠭ᠎ᠠ ᠪᠠ ᠳᠤᠯᠠᠭᠠᠯᠠᠭ᠎ᠠ ᠶᠢᠨ ᠴᠠᠬᠢᠯᠭᠠᠨ ᠬᠡᠷᠡᠭᠯᠡᠬᠦ ᠠᠮᠤᠷ ᠲᠦᠪᠰᠢᠨ ᠤ | ᠮᠡᠳᠡᠯᠭᠡ ᠶᠢ ᠤᠬᠠᠭᠤᠯᠤᠨ ᠲᠠᠶᠢᠯᠪᠤᠷᠢᠯᠠᠵᠤ᠂ ᠬᠡᠷᠡᠭᠯᠡᠭᠴᠢᠳ ᠤᠨ ᠴᠠᠬᠢᠯᠭᠠᠨ ᠬᠡᠷᠡᠭᠯᠡᠬᠦ ᠠᠮᠤᠷ ᠲᠦᠪᠰᠢᠨ ᠤ ᠳᠠᠯᠳᠠ ᠬᠡᠮ ᠢ | ᠵᠢᠭᠰᠠᠭᠠᠨ ᠪᠠᠶᠢᠴᠠᠭᠠᠵᠤ᠂ ᠬᠠᠭᠤᠴᠢᠨ ᠡᠷᠦᠬᠡ ᠶᠢᠨ ᠳᠣᠲᠣᠷᠠᠬᠢ ᠱᠤᠭᠤᠮ᠂ ᠡᠪᠳᠡᠷᠡᠵᠦ ᠬᠠᠭᠤᠴᠢᠷᠠᠭᠰᠠᠨ ᠨᠡᠭᠡᠭᠡᠯᠭᠡ᠂ | ᠰᠠᠭᠤᠳᠠᠯ ᠳᠤ ᠴᠢᠭᠯᠡᠭᠦᠯᠦᠨ᠂ ᠬᠡᠷᠡᠭᠯᠡᠭᠴᠢᠳ ᠢ ᠴᠠᠭ ᠲᠤᠬᠠᠶ ᠳᠤᠨᠢ ᠬᠠᠮᠵᠢᠨ ᠥᠭᠡᠷᠡᠴᠢᠯᠡᠬᠦ ᠪᠠ ᠰᠣᠯᠢᠬᠤ ᠶᠢ ᠪᠡᠶᠡᠯᠡᠭᠦᠯᠵᠦ | ᠂ ᠪᠣᠶ ᠪᠥᠬᠦᠶ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠣᠯᠠᠨ ᠲᠦᠮᠡᠨ ᠤ ᠠᠮᠤᠷ ᠲᠦᠪᠰᠢᠨ᠂ ᠳᠤᠯᠠᠭᠠᠨ | ᠡᠪᠦᠯᠵᠢᠬᠦ ᠶᠢ ᠦᠨᠡᠨᠬᠦ ᠪᠠᠲᠤᠯᠠᠪᠠ᠃ | ︽ᠡᠨᠡ ᠬᠦ ᠴᠠᠬᠢᠯᠭᠠᠨ ᠢᠶᠠᠷ ᠳᠤᠯᠠᠭᠠᠯᠠᠬᠤ ᠲᠥᠬᠦᠭᠡᠷᠦᠮᠵᠢ ᠦᠨᠡᠬᠡᠷ ᠰᠡᠳᠬᠢᠯ ᠠᠮᠤᠷ ᠪᠣᠯᠵᠠᠶ᠂ ᠤᠲᠤᠭ᠎ᠠ ᠬᠥᠳᠡᠯᠭᠡᠬᠦ | ᠦᠭᠡᠢ ᠪᠠᠷ ᠭᠡᠷ ᠲᠤ ᠳᠤᠯᠠᠭᠠᠴᠠᠭᠤᠯᠵᠤ᠂ ᠨᠡᠭᠦᠷᠡᠰᠦ ᠰᠢᠲᠠᠭᠠᠬᠤ ᠵᠤᠤᠬ᠎ᠠ ᠶᠢᠨ ᠳᠤᠯᠠᠭᠠᠨ ᠤ ᠬᠡᠮᠵᠢᠶ᠎ᠡ ᠠᠴᠠ ᠲᠣᠭᠲᠠᠭᠤᠨ | ᠪᠥᠭᠡᠳ ᠠᠷᠢᠭᠤᠨ ᠴᠡᠪᠡᠷ︾ ᠪᠠᠶᠢᠨ᠎ᠠ᠃ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠭᠰᠡᠨ︾ ᠳᠤᠯᠠᠭᠠᠯᠠᠭ᠎ᠠ ᠶᠢᠨ | ᠳᠠᠷᠠᠭᠠᠬᠢ ᠬᠤᠪᠢᠷᠠᠯᠲᠠ ᠶᠢ ᠳᠤᠷᠠᠳᠬᠤ ᠳᠤ ᠲᠣᠰᠬᠤᠨ ᠤ ᠠᠷᠠᠳ ᠸᠠᠩ ᠠᠢ ᠰᠢᠩ ᠪᠠᠶᠠᠷᠯᠠᠨ ᠲᠠᠨᠢᠯᠴᠠᠭᠤᠯᠪᠠ᠃ | ᠴᠠᠬᠢᠯᠭᠠᠨ ᠬᠦᠴᠦᠨ ᠤ ᠦᠢᠯᠡᠴᠢᠯᠡᠭᠡ ᠶᠢ ᠲᠣᠰᠬᠤᠨ ᠡᠷᠦᠬᠡ ᠳᠤ ᠣᠷᠣᠭᠤᠯᠬᠤ ᠦᠶ᠋ᠯᠡᠴᠢᠯᠡᠭᠡᠨ ᠤ ᠠᠵᠢᠯᠯᠠᠭ᠎ᠠ ᠨᠢ | ᠰᠠᠭᠤᠭᠠᠯᠢ ᠠᠷᠠᠳ ᠤᠨ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠲᠥᠷᠥ ᠶᠢᠨ ᠪᠣᠳᠣᠯᠭ᠎ᠠ ᠶᠢᠨ ᠲᠤᠬᠠᠶ | ᠣᠶᠢᠯᠠᠭᠠᠯᠲᠠ ᠶᠢ ᠭᠦᠨᠵᠡᠭᠡᠶᠢᠷᠡᠭᠦᠯᠦᠭᠰᠡᠨ ᠢᠶᠠᠷ ᠪᠠᠷᠠᠬᠤ ᠥᠬᠡᠶ᠂ ᠪᠠᠰᠠ ᠡᠪᠦᠯ ᠤᠨ ᠤᠯᠠᠷᠢᠯ ᠤᠨ ᠴᠡᠪᠡᠷ ᠳᠤᠯᠠᠭᠠᠯᠠᠭ᠎ᠠ ᠶᠢᠨ | ᠠᠵᠢᠯ ᠢ ᠠᠬᠢᠭᠤᠯᠬᠤ ᠳᠤ ᠪᠠᠲᠤ ᠪᠠᠬᠢ ᠰᠠᠭᠤᠷᠢ ᠲᠠᠯᠪᠢᠵᠤ᠂ ᠨᠠᠩ ᠣᠯᠠᠨ ᠰᠠᠭᠤᠭᠠᠯᠢ ᠠᠷᠠᠳ ᠲᠤ ︽ᠨᠡᠭᠦᠷᠡᠰᠦ ᠶᠢ | ᠴᠠᠬᠢᠯᠭᠠᠨ ᠪᠣᠯᠭᠠᠨ ᠥᠭᠡᠷᠡᠴᠢᠯᠡᠬᠦ︾ ᠠᠴᠠ ᠪᠣᠯᠤᠭᠰᠠᠨ ᠲᠥᠬᠦᠮ ᠪᠠ ᠪᠣᠳᠠᠲᠤ ᠠᠰᠢᠭ ᠬᠦᠷᠲᠡᠭᠡᠵᠦ᠂ ᠬᠠᠬᠢᠷ ᠡᠪᠦᠯ ᠤᠨ | ᠤᠯᠠᠷᠢᠯ ᠳᠤ ᠬᠠᠶᠢᠷ᠎ᠠ ᠬᠠᠯᠠᠮᠵᠢ ᠶᠢ ᠬᠦᠷᠭᠡᠪᠡ᠃  |