ᠡᠮ ᠤᠨ ᠵᠦᠢᠯ ᠤᠨ ᠬᠠᠤᠯᠢ ᠠᠴᠠ ᠵᠦᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠰᠡᠨ ᠢ ᠱᠠᠩᠨᠠᠬᠤ
ᠨᠡᠶᠢᠲᠡᠯᠡᠭᠰᠡᠨ ᠴᠠᠭ᠄
2024/7/11
   ᠭᠤᠤᠯ ᠴᠣᠭᠴᠠ ᠶᠢᠨ ᠱᠠᠩᠳᠤ ᠰᠢᠶᠠᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠬᠡᠷᠡᠭᠵᠢᠭᠦᠯᠬᠦ ᠭᠤᠤᠯ ᠴᠣᠭᠴᠠ ᠶᠢᠨ ᠺᠣᠳ᠋ 11152626MB19928146    ᠭᠦᠢᠴᠡᠳᠭᠡᠭᠴᠢ ᠵᠤᠤ ᠵᠢᠶᠠ ᠴᠢ ᠶᠢᠨ 3 ᠪᠠᠭ᠎ᠠ ᠴᠠᠭ    ᠵᠣᠣ ᠵᠢᠶᠠ ᠴᠢ ᠶᠢᠨ 5 ᠴᠠᠭ ᠤᠨ ᠲᠤᠭ᠎ᠠ ᠶᠢ ᠱᠠᠩᠨᠠᠨ ᠬᠥᠬᠢᠭᠦᠯᠪᠡ    ᠡᠦ ᠫᠢᠩ ᠤᠨ 5 ᠴᠠᠭ ᠤᠨ ᠲᠤᠭ᠎ᠠ ᠶᠢ ᠬᠥᠬᠢᠭᠦᠯᠦᠨ ᠲᠣᠭᠲᠠᠭᠠᠪᠠ    ᠱᠠᠩᠨᠠᠯ ᠤᠨ ᠮᠦᠩᠭᠦ ᠠᠪᠬᠤ ᠦ᠋ ᠫᠢᠩ 2 ᠪᠠᠭ᠎ᠠ ᠴᠠᠭ    ᠭᠦᠢᠴᠡᠳᠭᠡᠬᠦ ᠭᠠᠵᠠᠷ ᠱᠠᠩᠳᠤ ᠰᠢᠶᠠᠨ ᠤ ᠴᠢ ᠲᠠᠢ ᠪᠠᠯᠭᠠᠰᠤᠨ ᠤ ᠱᠧᠩ ᠯᠧ ᠯᠦ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠭᠤᠷᠪᠠᠳᠤᠭᠠᠷ ᠳᠠᠪᠬᠤᠷᠯᠢᠭ ᠤᠨ 301 ᠭᠡᠷ    ᠭᠦᠢᠴᠡᠳᠭᠡᠬᠦ ᠴᠠᠭ ᠨᠢ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ ᠦᠳᠡ ᠶᠢᠨ ᠡᠮᠦᠨ᠎ᠡ 09᠄ 00-12᠄ 00 ᠦᠳᠡ ᠶᠢᠨ ᠬᠤᠶᠢᠨ᠎ᠠ 14᠄ 30-1800    ᠬᠦᠯᠢᠶᠡᠨ ᠠᠪᠴᠤ ᠰᠢᠢᠳᠪᠦᠷᠢᠯᠡᠬᠦ ᠨᠦᠬᠦᠴᠡᠯ    ︵ᠨᠢᠭᠡ︶ ᠢᠯᠡᠴᠢᠯᠡᠨ ᠮᠡᠳᠡᠭᠦᠯᠦᠭᠳᠡᠭᠰᠡᠨ ᠡᠲᠡᠭᠡᠳ ᠪᠠ ᠬᠠᠤᠯᠢ ᠠᠴᠠ ᠵᠥᠷᠢᠴᠡᠭᠰᠡᠨ ᠪᠣᠳᠠᠲᠠᠶ ᠪᠣᠳᠠᠲᠤ ᠬᠡᠷᠡᠭ ᠪᠤᠶᠤ ᠬᠠᠤᠯᠢ ᠶᠢ ᠵᠥᠷᠢᠴᠡᠨ ᠶᠠᠯ᠎ᠠ ᠬᠢᠭᠰᠡᠨ ᠰᠦᠪᠡᠭᠴᠢ ᠲᠣᠳᠣᠷᠬᠠᠶ ᠪᠠᠶᠢᠬᠤ ᠬᠡᠷᠡᠭᠲᠡᠶ︔    ︵ᠬᠤᠶᠠᠷ︶ ᠢᠯᠡᠴᠢᠯᠡᠨ ᠮᠡᠳᠡᠭᠦᠯᠦᠭᠰᠡᠨ ᠠᠭᠤᠯᠭ᠎ᠠ ᠶᠢ ᠤᠷᠢᠳ ᠢᠶᠠᠷ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠤ ᠡᠵᠡᠮᠰᠢᠭᠡ ᠦᠭᠡᠢ    ︵ᠭᠤᠷᠪᠠ︶ ᠢᠯᠡᠴᠢᠯᠡᠨ ᠮᠡᠳᠡᠭᠦᠯᠦᠭᠰᠡᠨ ᠪᠠᠶᠢᠳᠠᠯ ᠢ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠢᠶᠠᠷ ᠬᠡᠷᠡᠭ ᠪᠣᠯᠭᠠᠨ ᠪᠠᠶᠢᠴᠠᠭᠠᠯᠭᠠᠵᠤ᠂ ᠪᠠᠶᠢᠴᠠᠭᠠᠭᠰᠠᠨ ᠭᠡᠷᠡᠴᠢ ᠨᠢ ᠦᠨᠡᠨ ᠪᠣᠳᠠᠲᠠᠶ ᠵᠠᠰᠠᠭ ᠵᠠᠬᠢᠷᠭᠠᠨ ᠤ ᠰᠢᠳᠬᠡᠯ ᠲᠣᠷᠭᠠᠭᠤᠯᠢ ᠶᠢᠨ ᠲᠣᠭᠲᠠᠭᠠᠯ ᠭᠠᠷᠭᠠᠭᠰᠠᠨ ᠪᠤᠶᠤ ᠬᠠᠤᠯᠢ ᠶᠣᠰᠣᠭᠠᠷ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠭᠦᠯᠦᠨ ᠬᠦᠷᠭᠡᠵᠦ ᠡᠷᠡᠭᠦᠦ ᠶᠢᠨ ᠬᠡᠷᠡᠭ ᠤᠨ ᠰᠢᠭᠦᠨ ᠲᠠᠰᠤᠯᠤᠯᠲᠠ ᠬᠢᠯᠭᠡᠭᠰᠡᠨ ᠦᠭᠡᠶ᠃    ᠪᠠᠶᠢᠷᠢᠯᠠᠭᠤᠯᠤᠭᠰᠠᠨ ᠦᠨᠳᠦᠰᠦ ᠪᠠᠷᠢᠮᠲᠠ    【 ᠵᠠᠰᠠᠭ ᠵᠠᠬᠢᠷᠭᠠᠨ ᠤ ᠬᠠᠣᠯᠢ ᠲᠤᠭᠳᠠᠭᠠᠯ 】 ︽ᠡᠮᠴᠢᠯᠡᠭᠡᠨ ᠤ ᠪᠠᠭᠠᠵᠢ ᠬᠡᠷᠡᠭᠰᠡᠯ ᠤᠨ ᠬᠢᠨᠠᠯᠲᠠ ᠬᠠᠮᠢᠶᠠᠷᠤᠯᠲᠠ ᠶᠢᠨ ᠲᠦᠷᠢᠮ︾ ︵ᠲᠥᠷᠥ ᠶᠢᠨ ᠶᠠᠪᠤᠳᠠᠯ ᠤᠨ ᠬᠤᠷᠢᠶᠠᠨ ᠤ ᠵᠠᠷᠯᠢᠭ 650 ᠳ᠋ᠤᠭᠠᠷ ᠲᠣᠭᠠᠲᠤ︶    ᠵᠢᠷᠠᠨ ᠨᠢᠭᠡᠳᠦᠭᠡᠷ ᠵᠦᠢᠯ ᠬᠤᠶᠠᠳᠤᠭᠠᠷ ᠵᠤᠷᠪᠤᠰ ᠤᠨ ᠬᠤᠯᠪᠣᠭᠳᠠᠯ ᠪᠦᠬᠦᠢ ᠡᠮᠴᠢᠯᠡᠭᠡᠨ ᠤ ᠪᠠᠭᠠᠵᠢ ᠬᠡᠷᠡᠭᠰᠡᠯ ᠢ ᠰᠤᠳᠤᠯᠤᠨ ᠦᠢᠯᠡᠳᠬᠦ᠂ ᠦᠢᠯᠡᠳᠪᠦᠷᠢᠯᠡᠬᠦ᠂ ᠡᠵᠡᠩᠨᠡᠬᠦ᠂ ᠬᠡᠷᠡᠭᠯᠡᠬᠦ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠡᠳ ᠪᠠᠶᠢᠴᠠᠭᠠᠭᠠᠳ ᠦᠨᠡᠨ ᠪᠣᠳᠠᠲᠠᠶ ᠪᠠᠶᠢᠪᠠᠯ᠂ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠵᠡᠷᠭᠡ ᠰᠠᠯᠠᠭ᠎ᠠ ᠮᠥᠴᠢᠷ ᠠᠴᠠ ᠢᠯᠡᠴᠢᠯᠡᠨ ᠮᠡᠳᠡᠭᠦᠯᠦᠭᠴᠢ ᠶᠢ ᠱᠠᠩᠨᠠᠬᠤ ᠬᠡᠷᠡᠭᠲᠡᠶ᠃    【 ᠵᠠᠰᠠᠭ ᠵᠠᠬᠢᠷᠭᠠᠨ ᠤ ᠬᠠᠣᠯᠢ ᠲᠤᠭᠳᠠᠭᠠᠯ 】 ︽ᠢᠳᠡᠭᠡᠨ ᠵᠡᠷᠭᠡ ᠦᠢᠯᠡᠳᠬᠦᠨ ᠤ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ ᠲᠤᠬᠠᠶ ᠲᠥᠷᠥ ᠶᠢᠨ ᠶᠠᠪᠤᠳᠠᠯ ᠤᠨ ᠬᠤᠷᠢᠶᠠᠨ ᠤ ᠣᠨᠴᠠᠭᠠᠶ ᠲᠣᠭᠲᠠᠭᠠᠯ ︾ ︵ᠲᠥᠷᠥ ᠶᠢᠨ ᠶᠠᠪᠤᠳᠠᠯ ᠤᠨ ᠬᠤᠷᠢᠶᠠᠨ ᠤ ᠵᠠᠷᠯᠢᠭ 503 ᠳ᠋ᠤᠭᠠᠷ ᠲᠣᠭᠠᠲᠤ︶    ᠠᠷᠪᠠᠨ ᠶᠢᠰᠦᠳᠦᠭᠡᠷ ᠵᠦᠢᠯ ᠨᠢᠭᠡᠳᠦᠭᠡᠷ ᠵᠤᠷᠪᠤᠰ ᠶᠠᠮᠠᠷᠪᠠ ᠵᠣᠬᠢᠶᠠᠨ ᠪᠠᠶᠢᠭᠤᠯᠤᠯᠲᠠ ᠪᠤᠶᠤ ᠬᠤᠪᠢ ᠬᠥᠮᠥᠨ ᠲᠤᠰ ᠲᠣᠭᠲᠠᠭᠠᠯ ᠢ ᠵᠥᠷᠢᠴᠡᠭᠰᠡᠨ ᠠᠵᠢᠯᠯᠠᠭ᠎ᠠ ᠶᠢ ᠢᠯᠡᠴᠢᠯᠡᠨ ᠮᠡᠳᠡᠭᠦᠯᠬᠦ ᠡᠷᠬᠡ ᠲᠠᠢ᠃ ᠢᠯᠡᠴᠢᠯᠡᠨ ᠮᠡᠳᠡᠭᠦᠯᠦᠭᠰᠡᠨ ᠢ ᠬᠦᠯᠢᠶᠡᠨ ᠠᠪᠤᠭᠰᠠᠨ ᠰᠠᠯᠠᠭ᠎ᠠ ᠮᠥᠴᠢᠷ ᠨᠢ ᠢᠯᠡᠴᠢᠯᠡᠨ ᠮᠡᠳᠡᠭᠦᠯᠦᠭᠰᠡᠨ ᠬᠥᠮᠦᠨ ᠤ ᠨᠢᠭᠤᠴᠠ ᠶᠢ ᠬᠠᠮᠠᠭᠠᠯᠠᠬᠤ ᠬᠡᠷᠡᠭᠲᠡᠶ᠃ ᠢᠯᠡᠴᠢᠯᠡᠨ ᠮᠡᠳᠡᠭᠦᠯᠦᠭᠰᠡᠨ ᠢ ᠪᠠᠶᠢᠴᠠᠭᠠᠭᠠᠳ ᠦᠨᠡᠨ ᠪᠣᠳᠠᠲᠠᠶ ᠪᠠᠶᠢᠪᠠᠯ᠂ ᠢᠯᠡᠴᠢᠯᠡᠨ ᠮᠡᠳᠡᠭᠦᠯᠦᠭᠰᠡᠨ ᠢ ᠬᠦᠯᠢᠶᠡᠨ ᠠᠪᠤᠭᠰᠠᠨ ᠰᠠᠯᠠᠭ᠎ᠠ ᠮᠥᠴᠢᠷ ᠢᠯᠡᠴᠢᠯᠡᠨ ᠮᠡᠳᠡᠭᠦᠯᠦᠭᠰᠡᠨ ᠢ ᠱᠠᠩᠨᠠᠬᠤ ᠬᠡᠷᠡᠭᠲᠡᠶ᠃    【 ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ᠄ ︽ᠢᠳᠡᠭᠡᠨ ᠪᠠ ᠡᠮ ᠤᠨ ᠵᠦᠢᠯ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠰᠡᠨ ᠢ ᠱᠠᠩᠨᠠᠬᠤ ᠠᠷᠭ᠎ᠠ ᠶᠢ ᠳᠠᠷᠤᠮᠠᠯᠯᠠᠨ ᠶᠠᠪᠤᠭᠤᠯᠬᠤ ᠲᠤᠬᠠᠶ ᠤᠯᠤᠰ ᠤᠨ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠡᠳ᠋ ᠤᠨ ᠵᠠᠰᠠᠭ ᠤᠨ ᠶᠠᠮᠤᠨ ᠤ ᠮᠡᠳᠡᠭᠳᠡᠯ︾ ︵ᠤᠯᠤᠰ ᠤᠨ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠠᠯᠪᠠᠨ ﹇2013﹈ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠡᠳ᠋ ᠤᠨ ᠵᠠᠰᠠᠭ ᠤᠨ ᠶᠠᠮᠤᠨ ᠤ ᠮᠡᠳᠡᠭᠳᠡᠯ ]13 ᠳ᠋ᠤᠭᠠᠷ ᠲᠣᠭᠠᠲᠤ︶    ᠬᠤᠶᠠᠳᠤᠭᠠᠷ ᠵᠦᠢᠯ ᠲᠤᠰ ᠠᠷᠭ᠎ᠠ ᠨᠢ ᠡᠯ᠎ᠡ ᠱᠠᠲᠤᠨ ᠤ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ᠂ ᠪᠠᠶᠢᠭᠠᠯᠢ ᠬᠥᠮᠦᠨ᠂ ᠬᠠᠤᠯᠢ ᠶᠢᠨ ᠡᠷᠬᠡᠲᠡᠨ ᠪᠣᠯᠤᠨ ᠪᠤᠰᠤᠳ ᠵᠣᠬᠢᠶᠠᠨ ᠪᠠᠶᠢᠭᠤᠯᠤᠯᠲᠠ ᠳᠤ ᠢᠷᠡᠭᠦᠯᠦᠭᠰᠡᠨ ᠵᠠᠬᠢᠳᠠᠯ᠂ ᠰᠤᠷᠪᠤᠯᠵᠢᠯᠠᠯ᠂ ᠲᠣᠤᠷ ᠰᠦᠯᠵᠢᠶ᠎ᠡ᠂ ᠳ᠋ᠢᠶᠠᠩᠬᠤᠸᠠ ᠵᠡᠷᠭᠡ ᠠᠷᠭ᠎ᠠ ᠮᠠᠶ᠋ᠢᠭ ᠢᠶᠠᠷ ᠲᠡᠭᠦᠨ ᠤ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠶᠢᠨ ᠬᠡᠪᠴᠢᠶᠡᠨ ᠳᠣᠲᠣᠷᠠᠬᠢ ᠡᠮ ᠤᠨ ᠵᠦᠢᠯ᠂ ᠡᠮᠴᠢᠯᠡᠭᠡᠨ ᠤ ᠮᠠᠰᠢᠨ ᠪᠠᠭᠠᠵᠢ᠂ ᠡᠷᠡᠭᠦᠯᠵᠢᠯ ᠤᠨ ᠢᠳᠡᠭᠡᠨ᠂ ᠵᠠᠰᠠᠯ ᠴᠢᠮᠡᠭ ᠤᠨ ᠡᠳ᠋ ᠢ ᠰᠤᠳᠤᠯᠤᠨ ᠦᠢᠯᠡᠳᠬᠦ᠂ ᠦᠢᠯᠡᠳᠪᠦᠷᠢᠯᠡᠬᠦ᠂ ᠭᠦᠢᠯᠭᠡᠭᠡᠬᠦ ᠪᠠ ᠬᠡᠷᠡᠭᠯᠡᠬᠦ ᠭᠤᠭᠴᠤᠭ᠎ᠠ ᠶᠢᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠡᠳ᠂ ᠪᠠᠶᠢᠴᠠᠭᠠᠨ ᠲᠤᠳᠤᠯᠠᠭᠰᠠᠨ ᠤ ᠲᠡᠷᠠᠭ᠎ᠠ ᠬᠠᠤᠯᠢ ᠶᠣᠰᠣᠭᠠᠷ ᠰᠢᠶ᠋ᠳᠪᠦᠷᠢᠯᠡᠭᠰᠡᠨ ᠤ ᠳᠠᠷᠠᠭ᠎ᠠ᠂ ᠢᠯᠡᠴᠢᠯᠡᠨ ᠮᠡᠳᠡᠭᠦᠯᠦᠭᠴᠢ ᠶᠢᠨ ᠭᠤᠶᠤᠴᠢᠯᠠᠯ ᠢ ᠦᠨᠳᠦᠰᠦᠯᠡᠨ᠂ ᠵᠣᠬᠢᠴᠠᠩᠭᠤᠶ ᠪᠦᠬᠦᠢ ᠪᠣᠳᠠᠰ ᠵᠢᠴᠢ ᠣᠶᠤᠨ ᠮᠡᠳᠡᠷᠡᠯ ᠤᠨ ᠱᠠᠩᠨᠠᠬᠤ ᠦᠢᠯᠡ ᠠᠵᠢᠯᠯᠠᠭ᠎ᠠ ᠶᠢ ᠨᠢ ᠬᠢᠨ᠎ᠡ᠃    ᠨᠠᠢᠮᠠᠳᠤᠭᠠᠷ ᠵᠦᠢᠯ ᠢᠯᠡᠴᠢᠯᠡᠨ ᠮᠡᠳᠡᠭᠦᠯᠦᠭᠰᠡᠨ ᠢ ᠱᠠᠩᠨᠠᠬᠤ ᠪᠠᠷᠢᠮᠵᠢᠶ᠎ᠠ ᠨᠢ ᠢᠯᠡᠴᠢᠯᠡᠨ ᠮᠡᠳᠡᠭᠦᠯᠦᠭᠰᠡᠨ ᠬᠡᠷᠡᠭ ᠤᠨ ᠪᠠᠷᠠᠭ᠎ᠠ ᠶᠢᠨ ᠥᠷᠲᠡᠭ ᠤᠨ ᠵᠣᠭᠤᠰ ᠤᠨ ᠲᠤᠭ᠎ᠠ᠂ ᠳᠡᠰ ᠵᠢᠴᠢ ᠬᠡᠷᠡᠭ ᠤᠨ ᠰᠢᠨᠵᠢ ᠴᠢᠨᠠᠷ ᠵᠡᠷᠭᠡ ᠬᠦᠴᠦᠨ ᠵᠦᠢᠯ ᠢ ᠦᠨᠳᠦᠰᠦᠯᠡᠨ ᠶᠡᠷᠦᠩᠬᠡᠶᠢᠯᠡᠨ ᠦᠨᠡᠯᠡᠨ ᠲᠣᠭᠲᠠᠭᠠᠵᠤ᠂ ᠪᠣᠳᠠᠲᠠᠶ ᠱᠠᠩᠨᠠᠬᠤ ᠪᠠᠷᠢᠮᠵᠢᠶ᠎ᠠ ᠨᠢ ᠳᠣᠤᠷᠠᠬᠢ ᠮᠡᠲᠦ᠄    ︵ᠨᠢᠭᠡ︶ ᠨᠢᠭᠡᠳᠦᠭᠡᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭᠠᠨ ᠤ ᠥᠷᠲᠡᠭ ᠤᠨ ᠵᠣᠭᠤᠰ ᠤᠨ ᠲᠤᠭ᠎ᠠ ᠶᠢᠨ 4% ~ 6% ᠪᠠᠷ ᠱᠠᠩᠨᠠᠯ ᠣᠯᠭᠤᠨ᠎ᠠ︔ ᠬᠠᠷᠢᠴᠠᠯ ᠢᠶᠠᠷ ᠱᠠᠩᠨᠠᠯ ᠤᠨ ᠵᠣᠭᠤᠰ ᠤᠨ ᠲᠤᠭ᠎ᠠ ᠨᠢ 500 ᠲᠥᠭᠦᠷᠢᠭ ᠬᠦᠷᠬᠦ ᠦᠭᠡᠢ ᠪᠣᠯ 500 ᠲᠥᠭᠦᠷᠢᠭ ᠢᠶᠠᠷ ᠱᠠᠩᠨᠠᠨ᠎ᠠ    ︵ᠬᠤᠶᠠᠷ︶ ᠬᠤᠶᠠᠳᠤᠭᠠᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭᠠᠨ ᠤ ᠥᠷᠲᠡᠭ ᠤᠨ ᠵᠣᠭᠤᠰ ᠤᠨ ᠲᠤᠭ᠎ᠠ ᠶᠢᠨ 2% ~ 4% ᠪᠠᠷ ᠱᠠᠩᠨᠠᠨ ᠬᠥᠬᠢᠭᠦᠯᠦᠨ᠎ᠡ︔ ᠬᠠᠷᠢᠴᠠᠯ ᠢᠶᠠᠷ ᠪᠤᠳᠤᠭᠰᠠᠨ ᠵᠣᠭᠤᠰ ᠤᠨ ᠲᠤᠭ᠎ᠠ ᠨᠢ 300 ᠲᠥᠭᠦᠷᠢᠭ ᠬᠦᠷᠬᠦ ᠦᠭᠡᠢ ᠪᠠᠶᠢᠪᠠᠯ᠂ 300 ᠲᠥᠭᠦᠷᠢᠭ ᠢᠶᠠᠷ ᠱᠠᠩᠨᠠᠨ᠎ᠠ᠃    ︵ᠭᠤᠷᠪᠠ︶ ᠭᠤᠷᠪᠠᠳᠤᠭᠠᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭ᠎ᠠ ᠶᠢᠨ ᠥᠷᠲᠡᠭ ᠤᠨ 1%~2% ᠢᠶᠠᠷ ᠱᠠᠩᠨᠠᠨ᠎ᠠ︔ ᠬᠠᠷᠢᠴᠠᠯ ᠶᠣᠰᠣᠭᠠᠷ ᠱᠠᠩᠨᠠᠯ ᠤᠨ ᠵᠣᠭᠤᠰ ᠤᠨ ᠲᠤᠭ᠎ᠠ ᠨᠢ 100 ᠲᠥᠭᠦᠷᠢᠭ ᠬᠦᠷᠬᠦ ᠦᠭᠡᠢ ᠪᠠᠶᠢᠪᠠᠯ᠂ 100 ᠲᠥᠭᠦᠷᠢᠭ ᠢᠶᠠᠷ ᠱᠠᠩᠨᠠᠨ᠎ᠠ᠃    ︵ᠲᠦᠷᠪᠡ︶ ᠪᠠᠷᠠᠭᠠᠨ ᠤ ᠥᠷᠲᠡᠭ ᠤᠨ ᠵᠣᠭᠤᠰ ᠤᠨ ᠲᠤᠭ᠎ᠠ ᠶᠢ ᠪᠣᠳᠣᠬᠤ ᠶᠢᠨ ᠠᠷᠭ᠎ᠠ ᠦᠭᠡᠶ᠂ ᠭᠡᠪᠡᠴᠦ ᠢᠯᠡᠴᠢᠯᠡᠨ ᠮᠡᠳᠡᠭᠦᠯᠦᠭᠰᠡᠨ ᠪᠠᠶᠢᠳᠠᠯ ᠨᠢ ᠦᠨᠡᠨ ᠪᠣᠳᠠᠲᠠᠶ ᠪᠠᠶᠢᠵᠤ᠂ ᠪᠠᠶᠢᠳᠠᠯ ᠢ ᠨᠢ ᠦᠵᠡᠵᠦ ᠪᠠᠶᠢᠭᠠᠳ 100 ~ 2000 ᠲᠥᠭᠦᠷᠢᠭ ᠤᠨ ᠱᠠᠩᠨᠠᠯ ᠣᠯᠭᠤᠨ᠎ᠠ᠃    【 ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ︾ ︽ᠢᠳᠡᠭᠡᠨ ᠪᠠ ᠡᠮ ᠤᠨ ᠵᠦᠢᠯ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠰᠡᠨ ᠢ ᠱᠠᠩᠨᠠᠬᠤ ᠠᠷᠭ᠎ᠠ ︵ᠲᠤᠷᠰᠢᠨ ᠬᠡᠷᠡᠭᠵᠢᠭᠦᠯᠬᠦ︶ ︶ ᠮᠡᠳᠡᠭᠳᠡᠯ︾ ︵ᠤᠯᠤᠰ ᠤᠨ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠠᠯᠪᠠᠨ ︹2011︺ 505 ᠳ᠋ᠤᠭᠠᠷ ᠲᠣᠭᠠᠲᠤ︶    ᠬᠤᠶᠠᠳᠤᠭᠠᠷ ᠵᠦᠢᠯ ᠲᠤᠰ ᠠᠷᠭ᠎ᠠ ᠨᠢ ᠡᠯ᠎ᠡ ᠱᠠᠲᠤᠨ ᠤ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ᠂ ᠪᠠᠶᠢᠭᠠᠯᠢ ᠬᠥᠮᠦᠨ᠂ ᠬᠠᠤᠯᠢ ᠶᠢᠨ ᠡᠷᠬᠡᠲᠡᠨ ᠪᠣᠯᠤᠨ ᠪᠤᠰᠤᠳ ᠵᠣᠬᠢᠶᠠᠨ ᠪᠠᠶᠢᠭᠤᠯᠤᠯᠲᠠ ᠳᠤ ᠢᠷᠡᠭᠦᠯᠦᠭᠰᠡᠨ ᠵᠠᠬᠢᠳᠠᠯ᠂ ᠰᠤᠷᠪᠤᠯᠵᠢᠯᠠᠯ᠂ ᠲᠣᠤᠷ ᠰᠦᠯᠵᠢᠶ᠎ᠡ᠂ ᠳ᠋ᠢᠶᠠᠩᠬᠤᠸᠠ ᠵᠡᠷᠭᠡ ᠠᠷᠭ᠎ᠠ ᠮᠠᠶ᠋ᠢᠭ ᠢᠶᠠᠷ ᠲᠡᠭᠦᠨ ᠤ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠶᠢᠨ ᠬᠡᠪᠴᠢᠶᠡᠨ ᠳᠣᠲᠣᠷᠠᠬᠢ ᠡᠮ ᠤᠨ ᠵᠦᠢᠯ᠂ ᠡᠮᠴᠢᠯᠡᠭᠡᠨ ᠤ ᠮᠠᠰᠢᠨ ᠪᠠᠭᠠᠵᠢ᠂ ᠡᠷᠡᠭᠦᠯᠵᠢᠯ ᠤᠨ ᠢᠳᠡᠭᠡᠨ᠂ ᠵᠠᠰᠠᠯ ᠴᠢᠮᠡᠭ ᠤᠨ ᠡᠳ᠋ ᠢ ᠰᠤᠳᠤᠯᠤᠨ ᠦᠢᠯᠡᠳᠬᠦ᠂ ᠦᠢᠯᠡᠳᠪᠦᠷᠢᠯᠡᠬᠦ᠂ ᠭᠦᠢᠯᠭᠡᠭᠡᠬᠦ ᠪᠠ ᠬᠡᠷᠡᠭᠯᠡᠬᠦ ᠭᠤᠭᠴᠤᠭ᠎ᠠ ᠶᠢᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠡᠳ᠂ ᠪᠠᠶᠢᠴᠠᠭᠠᠨ ᠲᠤᠳᠤᠯᠠᠭᠰᠠᠨ ᠤ ᠲᠡᠷᠠᠭ᠎ᠠ ᠬᠠᠤᠯᠢ ᠶᠣᠰᠣᠭᠠᠷ ᠰᠢᠶ᠋ᠳᠪᠦᠷᠢᠯᠡᠭᠰᠡᠨ ᠤ ᠳᠠᠷᠠᠭ᠎ᠠ᠂ ᠢᠯᠡᠴᠢᠯᠡᠨ ᠮᠡᠳᠡᠭᠦᠯᠦᠭᠴᠢ ᠶᠢᠨ ᠭᠤᠶᠤᠴᠢᠯᠠᠯ ᠢ ᠦᠨᠳᠦᠰᠦᠯᠡᠨ᠂ ᠵᠣᠬᠢᠴᠠᠩᠭᠤᠶ ᠪᠦᠬᠦᠢ ᠪᠣᠳᠠᠰ ᠵᠢᠴᠢ ᠣᠶᠤᠨ ᠮᠡᠳᠡᠷᠡᠯ ᠤᠨ ᠱᠠᠩᠨᠠᠬᠤ ᠦᠢᠯᠡ ᠠᠵᠢᠯᠯᠠᠭ᠎ᠠ ᠶᠢ ᠨᠢ ᠬᠢᠨ᠎ᠡ᠃    ᠨᠠᠢᠮᠠᠳᠤᠭᠠᠷ ᠵᠦᠢᠯ ᠢᠯᠡᠴᠢᠯᠡᠨ ᠮᠡᠳᠡᠭᠦᠯᠦᠭᠰᠡᠨ ᠢ ᠱᠠᠩᠨᠠᠬᠤ ᠪᠠᠷᠢᠮᠵᠢᠶ᠎ᠠ ᠨᠢ ᠢᠯᠡᠴᠢᠯᠡᠨ ᠮᠡᠳᠡᠭᠦᠯᠦᠭᠰᠡᠨ ᠬᠡᠷᠡᠭ ᠤᠨ ᠪᠠᠷᠠᠭ᠎ᠠ ᠶᠢᠨ ᠥᠷᠲᠡᠭ ᠤᠨ ᠵᠣᠭᠤᠰ ᠤᠨ ᠲᠤᠭ᠎ᠠ᠂ ᠳᠡᠰ ᠵᠢᠴᠢ ᠬᠡᠷᠡᠭ ᠤᠨ ᠰᠢᠨᠵᠢ ᠴᠢᠨᠠᠷ ᠵᠡᠷᠭᠡ ᠬᠦᠴᠦᠨ ᠵᠦᠢᠯ ᠢ ᠦᠨᠳᠦᠰᠦᠯᠡᠨ ᠶᠡᠷᠦᠩᠬᠡᠶᠢᠯᠡᠨ ᠦᠨᠡᠯᠡᠨ ᠲᠣᠭᠲᠠᠭᠠᠵᠤ᠂ ᠪᠣᠳᠠᠲᠠᠶ ᠱᠠᠩᠨᠠᠬᠤ ᠪᠠᠷᠢᠮᠵᠢᠶ᠎ᠠ ᠨᠢ ᠳᠣᠤᠷᠠᠬᠢ ᠮᠡᠲᠦ᠄    ︵ᠨᠢᠭᠡ︶ ᠨᠢᠭᠡᠳᠦᠭᠡᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭᠠᠨ ᠤ ᠥᠷᠲᠡᠭ ᠤᠨ ᠵᠣᠭᠤᠰ ᠤᠨ ᠲᠤᠭ᠎ᠠ ᠶᠢᠨ 4% ~ 6% ᠪᠠᠷ ᠱᠠᠩᠨᠠᠯ ᠣᠯᠭᠤᠨ᠎ᠠ︔ ᠬᠠᠷᠢᠴᠠᠯ ᠢᠶᠠᠷ ᠱᠠᠩᠨᠠᠯ ᠤᠨ ᠵᠣᠭᠤᠰ ᠤᠨ ᠲᠤᠭ᠎ᠠ ᠨᠢ 500 ᠲᠥᠭᠦᠷᠢᠭ ᠬᠦᠷᠬᠦ ᠦᠭᠡᠢ ᠪᠣᠯ 500 ᠲᠥᠭᠦᠷᠢᠭ ᠢᠶᠠᠷ ᠱᠠᠩᠨᠠᠨ᠎ᠠ᠃    ︵ᠬᠤᠶᠠᠷ︶ ᠬᠤᠶᠠᠳᠤᠭᠠᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭᠠᠨ ᠤ ᠥᠷᠲᠡᠭ ᠤᠨ ᠵᠣᠭᠤᠰ ᠤᠨ ᠲᠤᠭ᠎ᠠ ᠶᠢᠨ 2% - 4% ᠪᠠᠷ ᠱᠠᠩᠨᠠᠨ ᠬᠥᠬᠢᠭᠦᠯᠦᠨ᠎ᠡ︔ ᠬᠠᠷᠢᠴᠠᠯ ᠢᠶᠠᠷ ᠪᠤᠳᠤᠭᠰᠠᠨ ᠵᠣᠭᠤᠰ ᠤᠨ ᠲᠤᠭ᠎ᠠ ᠨᠢ 300 ᠲᠥᠭᠦᠷᠢᠭ ᠬᠦᠷᠬᠦ ᠦᠭᠡᠢ ᠪᠠᠶᠢᠪᠠᠯ᠂ 300 ᠲᠥᠭᠦᠷᠢᠭ ᠢᠶᠠᠷ ᠱᠠᠩᠨᠠᠨ᠎ᠠ᠃    ︵ᠭᠤᠷᠪᠠ︶ ᠭᠤᠷᠪᠠᠳᠤᠭᠠᠷ ᠳᠡᠰ ᠤᠨ ᠢᠯᠡᠴᠢᠯᠡᠨ ᠮᠡᠳᠡᠭᠦᠯᠦᠭᠰᠡᠨ ᠤ ᠱᠠᠩᠨᠠᠯ ᠳᠤ ᠬᠠᠷᠢᠶᠠᠯᠠᠭᠳᠠᠪᠠᠯ᠂ ᠬᠡᠷᠡᠭ ᠤᠨ ᠪᠠᠷᠠᠭ᠎ᠠ ᠶᠢᠨ ᠥᠷᠲᠡᠭ ᠤᠨ 1%~3% ᠪᠠᠷ ᠱᠠᠩᠨᠠᠯ ᠣᠯᠭᠤᠨ᠎ᠠ︔ ᠬᠠᠷᠢᠴᠠᠯ ᠢᠶᠠᠷ ᠱᠠᠩᠨᠠᠯ ᠤᠨ ᠵᠣᠭᠤᠰ ᠤᠨ ᠲᠤᠭ᠎ᠠ ᠨᠢ 100 ᠲᠥᠭᠦᠷᠢᠭ ᠬᠦᠷᠬᠦ ᠦᠭᠡᠢ ᠪᠣᠯ 100 ᠲᠥᠭᠦᠷᠢᠭ ᠢᠶᠠᠷ ᠱᠠᠩᠨᠠᠨ᠎ᠠ᠃    ᠨᠦᠬᠦᠪᠦᠷᠢ ᠲᠣᠬᠢᠷᠠᠭᠤᠯᠭ᠎ᠠ    【 ᠬᠠᠤᠯᠢ ᠴᠠᠭᠠᠵᠠ᠄ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠮ ᠤᠨ ᠵᠦᠢᠯ ᠤᠨ ᠬᠠᠮᠢᠶᠠᠷᠤᠯᠲᠠ ᠶᠢᠨ ᠬᠠᠤᠯᠢ︾ ︵2019 ᠣᠨ ᠳᠤ ᠬᠤᠶᠠᠳᠤᠭᠠᠷ ᠤᠳᠠᠭ᠎ᠠ ᠵᠠᠰᠠᠪᠤᠷᠢ ᠣᠷᠤᠭᠤᠯᠪᠠ︶︶    ᠵᠠᠭᠤ ᠵᠢᠷᠭᠤᠳᠤᠭᠠᠷ ᠵᠦᠢᠯ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠳ ᠲᠤᠰ ᠰᠠᠯᠠᠭ᠎ᠠ ᠮᠥᠴᠢᠷ ᠤᠨ ᠢᠶᠠᠨ ᠡᠯᠧᠺᠲᠷᠣᠨ ᠰᠢᠦᠳᠠᠨ ᠤ ᠵᠦᠢᠯ ᠤᠨ ᠬᠠᠶ᠋ᠢᠭ᠂ ᠳ᠋ᠢᠶᠠᠩᠬᠤᠸᠠ ᠪᠠᠨ ᠨᠡᠶᠢᠲᠡᠯᠡᠵᠦ᠂ ᠯᠠᠪᠯᠠᠯᠭ᠎ᠠ᠂ ᠵᠠᠭᠠᠯᠳᠤᠯᠭ᠎ᠠ᠂ ᠢᠯᠡᠴᠢᠯᠡᠨ ᠮᠡᠳᠡᠭᠦᠯᠬᠦ ᠶᠢ ᠬᠦᠯᠢᠶᠡᠬᠦ ᠶᠢᠨ ᠬᠠᠮᠲᠤ ᠬᠠᠤᠯᠢ ᠶᠣᠰᠣᠭᠠᠷ ᠴᠠᠭ ᠲᠤᠬᠠᠶ ᠳᠤᠨᠢ ᠬᠠᠷᠢᠭᠤᠯᠲᠠ ᠥᠭᠴᠦ᠂ ᠬᠢᠨᠠᠨ ᠬᠠᠷᠭᠤᠭᠤᠯᠵᠤ᠂ ᠰᠢᠶ᠋ᠳᠪᠦᠷᠢᠯᠡᠬᠦ ᠬᠡᠷᠡᠭᠲᠡᠶ᠃ ᠪᠠᠶᠢᠴᠠᠭᠠᠨ ᠭᠡᠷᠡᠴᠢᠯᠡᠭᠰᠡᠨ ᠨᠢ ᠦᠨᠡᠨ ᠪᠣᠳᠠᠲᠠᠶ ᠢᠯᠡᠴᠢᠯᠡᠨ ᠮᠡᠳᠡᠭᠦᠯᠦᠭᠰᠡᠨ ᠪᠠᠶᠢᠪᠠᠯ᠂ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠢᠯᠡᠴᠢᠯᠡᠨ ᠮᠡᠳᠡᠭᠦᠯᠦᠭᠴᠢ ᠳᠤ ᠱᠠᠩᠨᠠᠯ ᠣᠯᠭᠤᠨ᠎ᠠ᠃    【 ᠵᠠᠰᠠᠭ ᠵᠠᠬᠢᠷᠭᠠᠨ ᠤ ᠬᠠᠣᠯᠢ ᠲᠤᠭᠳᠠᠭᠠᠯ 】 ︽ᠡᠮᠴᠢᠯᠡᠭᠡᠨ ᠤ ᠪᠠᠭᠠᠵᠢ ᠬᠡᠷᠡᠭᠰᠡᠯ ᠤᠨ ᠬᠢᠨᠠᠯᠲᠠ ᠬᠠᠮᠢᠶᠠᠷᠤᠯᠲᠠ ᠶᠢᠨ ᠲᠦᠷᠢᠮ︾ ︵2021 ᠣᠨ ᠤ ᠲᠥᠷᠥ ᠶᠢᠨ ᠶᠠᠪᠤᠳᠠᠯ ᠤᠨ ᠬᠤᠷᠢᠶᠠᠨ ᠤ ᠵᠠᠷᠯᠢᠭ 739 ᠳ᠋ᠦ᠋ᠭᠡᠷ ᠲᠣᠭᠠᠲᠤ︶    ᠳᠠᠯᠠ ᠶᠢᠰᠦᠳᠦᠭᠡᠷ ᠵᠦᠢᠯ ᠬᠤᠶᠠᠳᠤᠭᠠᠷ ᠵᠤᠷᠪᠤᠰ ᠤᠨ ᠬᠤᠯᠪᠣᠭᠳᠠᠯ ᠪᠦᠬᠦᠢ ᠡᠮᠴᠢᠯᠡᠭᠡᠨ ᠤ ᠪᠠᠭᠠᠵᠢ ᠬᠡᠷᠡᠭᠰᠡᠯ ᠢ ᠰᠤᠳᠤᠯᠤᠨ ᠦᠢᠯᠡᠳᠬᠦ᠂ ᠦᠢᠯᠡᠳᠪᠦᠷᠢᠯᠡᠬᠦ᠂ ᠡᠵᠡᠩᠨᠡᠬᠦ᠂ ᠬᠡᠷᠡᠭᠯᠡᠬᠦ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠦᠭᠡᠳ ᠪᠠᠶᠢᠴᠠᠭᠠᠭᠠᠳ ᠦᠨᠡᠨ ᠪᠣᠳᠠᠲᠠᠶ ᠪᠠᠶᠢᠪᠠᠯ᠂ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ ᠪᠠᠶᠢᠭ᠎ᠠ ᠰᠠᠯᠠᠭ᠎ᠠ ᠮᠥᠴᠢᠷ ᠵᠡᠷᠭᠡ ᠰᠠᠯᠠᠭ᠎ᠠ ᠮᠥᠴᠢᠷ ᠠᠴᠠ ᠢᠯᠡᠴᠢᠯᠡᠨ ᠮᠡᠳᠡᠭᠦᠯᠦᠭᠴᠢ ᠶᠢ ᠱᠠᠩᠨᠠᠬᠤ ᠬᠡᠷᠡᠭᠲᠡᠶ᠃    【 ᠵᠠᠰᠠᠭ ᠵᠠᠬᠢᠷᠭᠠᠨ ᠤ ᠬᠠᠣᠯᠢ ᠲᠤᠭᠳᠠᠭᠠᠯ 】 ︽ᠢᠳᠡᠭᠡᠨ ᠤ ᠵᠦᠢᠯ ᠵᠡᠷᠭᠡ ᠦᠢᠯᠡᠳᠬᠦᠨ ᠤ ᠠᠶᠤᠯ ᠦᠭᠡᠶ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ ᠲᠤᠬᠠᠶ ᠲᠥᠷᠥ ᠶᠢᠨ ᠶᠠᠪᠤᠳᠠᠯ ᠤᠨ ᠬᠤᠷᠢᠶᠠᠨ ᠤ ᠣᠨᠴᠣᠭᠤᠶᠢᠯᠠᠨ ᠲᠣᠭᠲᠠᠭᠠᠯ︾ ︵2007 ᠣᠨ ᠤ ᠲᠥᠷᠥ ᠶᠢᠨ ᠶᠠᠪᠤᠳᠠᠯ ᠤᠨ ᠬᠤᠷᠢᠶᠠᠨ ᠤ ᠵᠠᠷᠯᠢᠭ 503 ᠳ᠋ᠤᠭᠠᠷ ᠲᠣᠭᠠᠲᠤ︶
 
ᠢᠷᠡᠯᠲᠡ᠄ ᠱᠠᠩᠳᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2