ᠶᠠᠩ ᠸᠧᠨ ᠾᠦᠢ ᠮᠠᠨ ᠤ ᠰᠢᠶᠠᠨ ᠤ ᠲᠠᠷᠢᠶᠠᠯᠠᠩ ᠤᠨ ᠦᠢᠯᠡᠳᠪᠦᠷᠢᠯᠡᠯ ᠡᠳ᠋ᠰᠢᠭᠦᠯᠦᠯᠲᠡ ᠶᠢᠨ ᠠᠵᠤ ᠠᠬᠤᠶᠢᠯᠠᠯ ᠤᠨ ᠬᠥᠭᠵᠢᠯᠲᠡ ᠶᠢᠨ ᠪᠠᠶᠢᠳᠠᠯ ᠵᠢᠴᠢ ᠠᠶᠤᠯᠭᠦᠢ ᠦᠢᠯᠡᠳᠪᠦᠷᠢᠯᠡᠯ ᠵᠡᠷᠭᠡ ᠠᠵᠢᠯ ᠳᠤ ᠪᠠᠶᠢᠴᠠᠭᠠᠨ ᠰᠤᠳᠤᠯᠤᠯᠲᠠ ᠬᠢᠪᠡ
ᠨᠡᠶᠢᠲᠡᠯᠡᠭᠰᠡᠨ ᠴᠠᠭ᠄
2024/9/6
 8 ᠰᠠᠷ᠎ᠠ ᠶᠢᠨ 23 ᠤ ᠡᠳᠦᠷ᠂ ᠰᠢᠶᠠᠨ ᠤ ᠨᠠᠮ ᠤᠨ ᠬᠤᠷᠢᠶᠠᠨ ᠤ ᠳᠡᠳ᠋ ᠱᠦᠵᠢ᠂ ᠰᠢᠶᠠᠨ ᠤ ᠳᠠᠷᠤᠭ᠎ᠠ ᠶᠠᠩ ᠸᠧᠨ ᠾᠦᠢ ᠲᠠᠷᠢᠶᠠᠯᠠᠩ ᠤᠨ ᠦᠢᠯᠡᠳᠪᠦᠷᠢᠯᠡᠯ ᠡᠳ᠋ᠰᠢᠭᠦᠯᠦᠯᠲᠡ ᠶᠢᠨ ᠠᠵᠤ ᠠᠬᠤᠶᠢᠯᠠᠯ ᠤᠨ ᠬᠥᠭᠵᠢᠯᠲᠡ ᠶᠢᠨ ᠪᠠᠶᠢᠳᠠᠯ ᠵᠢᠴᠢ ᠠᠶᠤᠯᠭᠦᠢ ᠦᠢᠯᠡᠳᠪᠦᠷᠢᠯᠡᠯ ᠵᠡᠷᠭᠡ ᠠᠵᠢᠯ ᠳᠤ ᠪᠠᠶᠢᠴᠠᠭᠠᠨ ᠰᠤᠳᠤᠯᠤᠯᠲᠠ ᠬᠢᠪᠡ᠃    ᠶᠠᠩ ᠸᠧᠨ ᠾᠦᠢ ᠨᠠᠷ ᠤᠷᠢᠳ ᠬᠤᠵᠢᠳ ᠥᠪᠥᠷ ᠮᠣᠩᠭᠤᠯ ᠤᠨ ᠹᠦ᠋ ᠵᠢᠩ ᠲᠠᠩ ᠲᠥᠮᠥᠰᠥ ᠶᠢᠨ ᠠᠵᠤ ᠦᠢᠯᠡᠰ ᠤᠨ ᠪᠦᠯᠦᠭᠯᠡᠯ ᠤᠨ ᠬᠢᠵᠠᠭᠠᠷᠲᠤ ᠺᠣᠮᠫᠠᠨᠢ᠂ ᠥᠪᠥᠷ ᠮᠣᠩᠭᠤᠯ ᠤᠨ ᠵᠢᠤᠢ ᠴᠤᠸᠠᠩ ᠢᠳᠡᠭᠡᠨ ᠤ ᠬᠢᠵᠠᠭᠠᠷᠲᠤ ᠺᠣᠮᠫᠠᠨᠢ᠂ ᠱᠠᠩᠳᠤ ᠰᠢᠶᠠᠨ ᠤ ᠰᠢᠨ ᠯᠸᠢ ᠢᠳᠡᠰᠢᠨ ᠨᠣᠭᠤᠭ᠎ᠠ ᠶᠢᠨ ᠲᠤᠰᠬᠠᠢ ᠬᠤᠷᠰᠢᠶ᠎ᠠ ᠳᠤ ᠭᠦᠨᠵᠡᠭᠡᠶᠢᠷᠡᠵᠦ᠂ ᠲᠤᠬᠠᠢ ᠶᠢᠨ ᠭᠠᠵᠠᠷ ᠲᠤᠨᠢ ᠪᠠᠶᠢᠴᠠᠭᠠᠨ ᠦᠵᠡᠬᠦ᠂ ᠲᠠᠨᠢᠯᠴᠠᠭᠤᠯᠭ᠎ᠠ ᠶᠢ ᠰᠣᠨᠣᠰᠬᠤ ᠪᠠᠷ ᠳᠠᠮᠵᠢᠭᠤᠯᠵᠤ᠂ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠲᠡ᠂ ᠬᠥᠳᠡᠭᠡ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠬᠥᠳᠡᠭᠡ ᠠᠵᠤ ᠠᠬᠤᠢ ᠶᠢᠨ ᠪᠠᠶᠢᠳᠠᠯ ᠢ ᠨᠠᠷᠢᠨ ᠣᠶᠢᠯᠠᠭᠠᠬᠤ ᠶᠢᠨ ᠬᠠᠮᠲᠤ ᠠᠵᠤ ᠠᠬᠤᠶᠢᠯᠠᠯ ᠤᠨ ᠬᠥᠭᠵᠢᠯᠲᠡ ᠶᠢᠨ ᠶᠠᠪᠤᠴᠠ ᠳᠤ ᠲᠤᠯᠭᠠᠷᠠᠭᠰᠠᠨ ᠬᠦᠴᠢᠷᠳᠡᠯ ᠪᠣᠯᠤᠨ ᠠᠰᠠᠭᠤᠳᠠᠯ ᠤᠨ ᠲᠤᠬᠠᠢ ᠰᠠᠨᠠᠯ ᠰᠠᠨᠠᠭᠤᠯᠭ᠎ᠠ ᠳᠤᠷᠠᠳᠴᠠᠢ᠃    ᠶᠠᠩ ᠸᠧᠨ ᠾᠦᠢ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠰᠠᠨᠠᠭᠠᠴᠢᠯᠠᠭ᠎ᠠ ᠠᠴᠠ ᠪᠠᠨ ᠡᠮᠦᠨ᠎ᠡ ᠨᠢ ᠦᠢᠯᠡᠴᠢᠯᠡᠵᠦ᠂ ᠡᠯᠧᠮᠧᠨ᠋ᠲ ᠤᠨ ᠪᠠᠲᠤᠯᠠᠭ᠎ᠠ ᠶᠢ ᠴᠢᠩᠭᠠᠳᠬᠠᠵᠤ᠂ ᠠᠵᠤ ᠠᠬᠤᠶᠢᠯᠠᠯ ᠤᠨ ᠬᠥᠭᠵᠢᠯᠲᠡ ᠶᠢᠨ ᠳᠤᠮᠳᠠ ᠲᠤᠯᠭᠠᠷᠠᠭᠰᠠᠨ ᠬᠦᠴᠢᠷᠳᠡᠯ᠂ ᠲᠦᠭᠵᠢᠷᠡᠯ ᠪᠣᠯᠤᠨ ᠡᠪᠡᠷᠰᠢᠶᠡᠯ ᠲᠠᠢ ᠠᠰᠠᠭᠤᠳᠠᠯ ᠢ ᠴᠠᠭ ᠲᠤᠬᠠᠢ ᠳᠤᠨᠢ ᠰᠢᠢᠳᠪᠦᠷᠢᠯᠡᠵᠦ᠂ ᠠᠵᠤ ᠠᠬᠤᠶᠢᠯᠠᠯ ᠳᠤ ᠦᠢᠯᠡᠴᠢᠯᠡᠬᠦ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠨᠠᠷᠢᠨ ᠪᠣᠳᠠᠲᠠᠢ ᠨᠠᠶᠢᠳᠠᠪᠤᠷᠢᠵᠢᠭᠤᠯᠵᠤ᠂ ᠠᠵᠤ ᠠᠬᠤᠶᠢᠯᠠᠯ ᠤᠨ ᠨᠡᠩ ᠰᠠᠶᠢᠨ ᠨᠡᠩ ᠲᠦᠷᠭᠡᠨ ᠬᠥᠭᠵᠢᠯᠲᠡ ᠳᠤ ᠬᠦᠴᠦᠨ ᠨᠡᠮᠡᠷᠢᠯᠡᠬᠦ ᠬᠡᠷᠡᠭᠲᠡᠢ ᠭᠡᠵᠦ ᠴᠢᠬᠤᠯᠠᠴᠢᠯᠠᠪᠠ᠃ ᠨᠡᠷᠡᠲᠦ ᠲᠡᠮᠳᠡᠭᠲᠦ ᠲᠠᠷᠢᠶᠠᠯᠠᠩ ᠢ ᠶᠡᠬᠡᠪᠡᠷ ᠬᠥᠭᠵᠢᠭᠦᠯᠵᠦ᠂ ᠲᠠᠷᠢᠶᠠᠯᠠᠩ ᠤᠨ ᠠᠵᠤ ᠦᠢᠯᠡᠰ ᠤᠨ ᠬᠡᠯᠬᠢᠶ᠎ᠡ ᠶᠢ ᠤᠷᠲᠤᠳᠬᠠᠨ ᠬᠦᠴᠦᠷᠬᠡᠭᠵᠢᠭᠦᠯᠵᠦ᠂ ᠲᠠᠷᠢᠶᠠᠯᠠᠩ ᠤᠨ ᠳᠠᠪᠠᠭᠤᠯᠢᠭ ᠣᠨᠴᠠᠯᠢᠭᠲᠤ ᠠᠵᠤ ᠦᠢᠯᠡᠰ ᠤᠨ ᠬᠥᠭᠵᠢᠯᠲᠡ ᠶᠢᠨ ᠬᠢᠷᠢ ᠬᠡᠮᠵᠢᠶ᠎ᠡ ᠪᠣᠯᠤᠨ ᠥᠷᠢᠰᠦᠯᠳᠦᠬᠦ ᠬᠦᠴᠦᠨ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠬᠡᠷᠡᠭᠲᠡᠶ᠃ ᠲᠠᠷᠢᠶᠠᠯᠠᠩ ᠲᠠᠢ ᠬᠤᠯᠪᠣᠭᠠᠯᠠᠵᠤ ᠲᠠᠷᠢᠶᠠᠯᠠᠩ ᠢ ᠳᠠᠶᠢᠴᠢᠯᠠᠬᠤ ᠲᠣᠭᠲᠠᠴᠠ ᠶᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠲᠠᠷᠢᠶᠠᠴᠢᠳ ᠢ ᠬᠠᠪᠰᠤᠷᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠢᠳᠡᠪᠬᠢᠲᠡᠢ ᠥᠷᠭᠡᠳᠬᠡᠵᠦ᠂ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠶᠢ ᠪᠦᠬᠦ ᠬᠦᠴᠦᠨ ᠢᠶᠠᠷ ᠠᠬᠢᠭᠤᠯᠬᠤ ᠬᠡᠷᠡᠭᠲᠡᠢ᠃ ᠠᠮᠤᠷ ᠲᠦᠪᠰᠢᠨ ᠬᠥᠭᠵᠢᠯᠲᠡ ᠶᠢᠨ ᠣᠶᠢᠯᠠᠭᠠᠭᠳᠠᠬᠤᠨ ᠢ ᠪᠠᠲᠤ ᠪᠤᠢ ᠪᠣᠯᠭᠠᠵᠤ᠂ ᠠᠵᠢᠯ ᠤᠨ ᠲᠤᠬᠠᠢ ᠶᠢᠨ ᠲᠠᠯᠠᠪᠠᠢ ᠶᠢᠨ ᠠᠮᠤᠷ ᠲᠦᠪᠰᠢᠨ ᠤ ᠬᠠᠮᠢᠶᠠᠷᠤᠯᠲᠠ ᠶᠢ ᠴᠢᠩᠭᠠᠳᠬᠠᠵᠤ᠂ ᠠᠮᠤᠷ ᠲᠦᠪᠰᠢᠨ ᠤ ᠭᠡᠮ ᠰᠣᠭᠤᠭ ᠢ ᠴᠠᠭ ᠲᠤᠬᠠᠢ ᠳᠤᠨᠢ ᠵᠢᠭᠰᠠᠭᠠᠨ ᠪᠠᠶᠢᠴᠠᠭᠠᠬᠤ ᠪᠠ ᠠᠷᠢᠯᠭᠠᠵᠤ᠂ ᠠᠶᠤᠯᠭᠦᠢ ᠦᠢᠯᠡᠳᠪᠦᠷᠢᠯᠡᠯ ᠤᠨ ᠴᠢᠳᠠᠪᠤᠷᠢ ᠪᠣᠯᠤᠨ ᠲᠦᠪᠰᠢᠨ ᠢ ᠦᠨᠡᠨᠬᠦ ᠳᠡᠭᠡᠭᠰᠢᠯᠡᠭᠦᠯᠵᠦ᠂ ᠪᠦᠬᠦ ᠰᠢᠶᠠᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠪᠠᠲᠤ ᠴᠢᠩᠭ᠎ᠠ ᠪᠠᠲᠤᠯᠠᠭ᠎ᠠ ᠬᠠᠩᠭᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃    ᠰᠢᠶᠠᠨ ᠤ ᠤᠳᠤᠷᠢᠳᠤᠯᠭ᠎ᠠ ᠵᠠᠩ ᠭᠤᠸᠠᠩ ᠵᠢᠴᠢ ᠰᠢᠶᠠᠨ ᠤ ᠰᠢᠭᠤᠳ ᠬᠠᠷᠢᠶ᠎ᠠ ᠬᠤᠯᠪᠣᠭᠳᠠᠯ ᠪᠦᠬᠦᠢ ᠨᠢᠭᠡᠴᠡ ᠶᠢᠨ ᠬᠠᠷᠢᠭᠤᠴᠠᠯᠭᠠᠲᠠᠨ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃
 
ᠢᠷᠡᠯᠲᠡ᠄ ᠱᠠᠩᠳᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2