ᠱᠠᠩᠳᠤ ᠰᠢᠶᠠᠨ ᠤ 2025 ᠣᠨ ᠤ ᠡᠩ ᠤᠨ ᠳᠡᠭᠡᠳᠦ ᠵᠡᠷᠭᠡ ᠶᠢᠨ ᠰᠤᠷᠭᠠᠭᠤᠯᠢ ᠶᠢᠨ ᠰᠣᠷᠣᠭᠴᠢ ᠡᠯᠰᠡᠬᠦ ᠪᠡᠶ᠎ᠡ ᠶᠢᠨ ᠪᠠᠶᠢᠴᠠᠭᠠᠯᠲᠠ ᠶᠢᠨ ᠠᠯᠪᠠᠨ ᠵᠠᠷ
ᠨᠡᠶᠢᠲᠡᠯᠡᠭᠰᠡᠨ ᠴᠠᠭ᠄
2025/3/28
   2025 ᠣᠨ ᠤ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠱᠠᠩᠳᠤ ᠰᠢᠶᠠᠨ ᠤ ᠰᠤᠷᠭᠠᠨ ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠶᠢᠨ ᠲᠥᠪ ︵ᠰᠣᠷᠣᠭᠴᠢ ᠡᠯᠰᠡᠬᠦ ᠠᠯᠪᠠᠨ ᠬᠡᠷ︶ ᠳᠤ ᠨᠡᠷ᠎ᠡ ᠮᠡᠳᠡᠭᠦᠯᠦᠭᠰᠡᠨ ᠰᠢᠯᠭᠠᠭᠤᠯᠤᠭᠴᠢ᠄    ᠳᠡᠭᠡᠳᠦ ᠱᠠᠲᠤᠨ ᠤ ᠵᠢᠭᠠᠪᠤᠷᠢ ᠵᠢᠴᠢ ᠪᠥᠬᠦ ᠰᠢᠶᠠᠨ ᠤ ᠪᠣᠳᠠᠲᠠᠶ ᠪᠠᠶᠢᠳᠠᠯ ᠢ ᠦᠨᠳᠦᠰᠦᠯᠡᠨ᠂ ᠮᠠᠨ ᠤ ᠰᠢᠶᠠᠨ ᠤ ᠰᠣᠷᠣᠭᠴᠢ ᠡᠯᠰᠡᠬᠦ ᠠᠯᠪᠠᠨ ᠬᠡᠷ ᠤᠨ ᠨᠡᠷ᠎ᠡ ᠮᠡᠳᠡᠭᠦᠯᠦᠭᠰᠡᠨ ᠰᠢᠯᠭᠠᠭᠤᠯᠤᠭᠴᠢ 2025 ᠣᠨ ᠤ 3 ᠳ᠋ᠤᠭᠠᠷ ᠰᠠᠷ᠎ᠠ ᠶᠢᠨ 10 ᠤ ᠡᠳᠦᠷ ᠠᠴᠠ 3 ᠳ᠋ᠤᠭᠠᠷ ᠰᠠᠷ᠎ᠠ ᠶᠢᠨ 16 ᠤ ᠡᠳᠦᠷ ᠪᠣᠯᠲᠠᠯ᠎ᠠ ︵ᠭᠠᠷᠠᠭ ᠤᠨ ᠵᠢᠷᠭᠤᠭᠠᠨ ᠤ ᠡᠳᠦᠷ ᠠᠮᠠᠷᠠᠬᠤ ᠥᠬᠡᠶ︶ ᠪᠡᠶ᠎ᠡ ᠶᠢᠨ ᠪᠠᠶᠢᠴᠠᠭᠠᠯᠲᠠ ᠬᠢᠬᠦ ᠪᠠᠷ ᠲᠣᠭᠲᠠᠪᠠ᠂ ᠡᠳᠦᠭᠡ ᠪᠣᠳᠠᠲᠠᠶ ᠵᠦᠢᠯᠡᠰ ᠢ ᠳᠣᠤᠷᠠᠬᠢ ᠮᠡᠲᠦ ᠮᠡᠳᠡᠭᠳᠡᠶ᠎ᠡ᠃    ᠨᠢᠭᠡ᠂ ᠰᠢᠯᠭᠠᠭᠤᠯᠤᠭᠴᠢ ᠡᠷᠬᠡᠪᠰᠢ ᠪᠡᠶ᠎ᠡ ᠶᠢᠨ ᠦᠨᠡᠮᠯᠡᠯ ᠪᠠ ᠰᠢᠯᠭᠠᠭᠤᠯᠤᠭᠴᠢ ᠶᠢᠨ ᠨᠣᠮᠧᠷ ᠢᠶᠠᠨ ᠠᠪᠴᠤ ᠱᠠᠩᠳᠤ ᠰᠢᠶᠠᠨ ᠤ ᠬᠢᠲᠠᠳ ᠡᠮᠨᠡᠯᠭᠡ ᠶᠢᠨ ᠬᠤᠷᠢᠶᠠᠨ ᠤ ᠵᠡᠭᠦᠨ ᠲᠠᠯ᠎ᠠ ᠶᠢᠨ ᠡᠷᠡᠭᠦᠯᠵᠢᠯ ᠤᠨ ᠠᠰᠠᠷ ᠤᠨ ᠬᠤᠶᠠᠳᠤᠭᠠᠷ ᠳᠠᠪᠬᠤᠷᠯᠢᠭ ᠤᠨ ᠪᠡᠶ᠎ᠡ ᠶᠢᠨ ᠪᠠᠶᠢᠴᠠᠭᠠᠯᠲᠠ ᠶᠢᠨ ᠲᠥᠪ ᠲᠤ ᠪᠡᠶ᠎ᠡ ᠶᠢᠨ ᠪᠠᠶᠢᠴᠠᠭᠠᠯᠲᠠ ᠬᠢᠬᠦ ᠬᠡᠷᠡᠭᠲᠡᠶ᠃    ᠬᠤᠶᠠᠷ᠂ ᠰᠢᠯᠭᠠᠭᠤᠯᠤᠭᠴᠢ ᠡᠷᠬᠡᠪᠰᠢ ᠲᠣᠭᠲᠠᠭᠰᠠᠨ ᠴᠠᠭ ᠤᠨ ᠳᠣᠲᠣᠷ᠎ᠠ᠂ ᠱᠠᠩᠳᠤ ᠰᠢᠶᠠᠨ ᠤ ᠬᠢᠲᠠᠳ ᠡᠮᠨᠡᠯᠭᠡ ᠶᠢᠨ ᠬᠤᠷᠢᠶᠠᠨ ᠤ ᠪᠡᠶ᠎ᠡ ᠶᠢᠨ ᠪᠠᠶᠢᠴᠠᠭᠠᠯᠲᠠ ᠶᠢᠨ ᠲᠥᠪ ᠲᠤ ᠬᠦᠷᠴᠦ ᠬᠥᠮᠦᠨ ᠤ ᠵᠢᠰᠦ ᠶᠢ ᠢᠯᠭᠠᠨ ᠲᠠᠨᠢᠬᠤ ᠪᠡᠶ᠎ᠡ ᠶᠢᠨ ᠬᠢᠷᠢ ᠬᠡᠮ ᠤᠨ ᠰᠢᠯᠭᠠᠨ ᠪᠠᠶᠢᠴᠠᠭᠠᠯᠲᠠ ᠬᠢᠵᠦ᠂ ᠰᠢᠯᠭᠠᠨ ᠪᠠᠲᠤᠯᠠᠯᠲᠠ ᠬᠢᠭᠰᠡᠨ ᠤ ᠳᠠᠷᠠᠭ᠎ᠠ ᠪᠡᠶ᠎ᠡ ᠶᠢᠨ ᠪᠠᠶᠢᠴᠠᠭᠠᠯᠲᠠ ᠶᠢᠨ ᠬᠦᠰᠦᠨᠦᠭᠲᠦ ᠪᠠᠨ ᠠᠪᠤᠪᠠᠯ ᠰᠠᠶ᠋ᠢ ᠪᠡᠶ᠎ᠡ ᠶᠢᠨ ᠪᠠᠶᠢᠴᠠᠭᠠᠯᠲᠠ ᠬᠢᠵᠦ᠂ ᠪᠡᠶ᠎ᠡ ᠶᠢᠨ ᠪᠠᠶᠢᠴᠠᠭᠠᠯᠲᠠ ᠶᠢᠨ ᠶᠠᠪᠤᠴᠠ ᠨᠢ ᠡᠷᠬᠡᠪᠰᠢ ᠠᠵᠢᠯᠲᠠᠨ ᠤ ᠵᠢᠯᠣᠭᠤᠳᠣᠯᠭ᠎ᠠ ᠶᠢ ᠵᠢᠷᠤᠮᠯᠠᠨ ᠵᠦᠶ᠋ᠯ ᠳᠠᠷᠠᠭᠠᠯᠠᠨ ᠬᠢᠬᠦ ᠬᠡᠷᠡᠭᠲᠡᠶ᠃    ᠭᠤᠷᠪᠠ᠂ ᠰᠢᠯᠭᠠᠭᠤᠯᠤᠭᠴᠢ ᠡᠮᠨᠡᠯᠭᠡ ᠶᠢᠨ ᠬᠤᠷᠢᠶᠠᠨ ᠤ ᠴᠠᠭ ᠢᠶᠠᠷ ᠤᠷᠢᠳᠴᠢᠯᠠᠨ ᠲᠣᠬᠢᠷᠠᠭᠤᠯᠤᠯᠲᠠ ᠬᠢᠵᠦ ︵ᠪᠡᠶ᠎ᠡ ᠶᠢᠨ ᠪᠠᠶᠢᠴᠠᠭᠠᠯᠲᠠ ᠶᠢᠨ ᠴᠠᠭ ᠨᠢ ᠡᠳᠦᠷ ᠪᠦᠷᠢ ᠶᠢᠨ ᠦᠳᠡ ᠶᠢᠨ ᠡᠮᠦᠨᠡᠬᠢ 8᠄ 00 - 11᠄ 30︶᠂ ᠪᠡᠶ᠎ᠡ ᠶᠢᠨ ᠪᠠᠶᠢᠴᠠᠭᠠᠯᠲᠠ ᠶᠢᠨ ᠲᠤᠬᠠᠶ ᠶᠢᠨ ᠡᠳᠦᠷ ᠤᠨ ᠦᠳᠡ ᠶᠢᠨ ᠡᠮᠦᠨ᠎ᠡ ᠰᠢᠯᠭᠠᠭᠤᠯᠤᠭᠴᠢ ᠭᠡᠳᠡᠰᠦ ᠬᠤᠭᠤᠰᠣᠨ ︵ᠲᠤᠬᠠᠶᠢᠯᠠᠪᠠᠯ ᠤᠤᠭᠤᠬᠤ ᠦᠭᠡᠢ᠂ ᠤᠤᠭᠤᠬᠤ ᠦᠭᠡᠢ︶ ᠪᠠᠷ ᠱᠠᠩᠳᠤ ᠰᠢᠶᠠᠨ ᠤ ᠬᠢᠲᠠᠳ ᠡᠮᠨᠡᠯᠭᠡ ᠶᠢᠨ ᠬᠤᠷᠢᠶᠠᠨ ᠤ ᠪᠡᠶ᠎ᠡ ᠶᠢᠨ ᠪᠠᠶᠢᠴᠠᠭᠠᠯᠲᠠ ᠶᠢᠨ ᠲᠥᠪ ᠲᠤ ᠬᠦᠷᠴᠦ ᠪᠡᠶ᠎ᠡ ᠶᠢᠨ ᠪᠠᠶᠢᠴᠠᠭᠠᠯᠲᠠ ᠬᠢᠯᠭᠡᠬᠦ ᠬᠡᠷᠡᠭᠲᠡᠶ᠃    ᠳᠥᠷᠪᠡ᠂ ᠰᠢᠯᠭᠠᠭᠤᠯᠤᠭᠴᠢ ᠪᠣᠶ ᠪᠥᠬᠦᠶ ᠪᠡᠶ᠎ᠡ ᠶᠢᠨ ᠪᠠᠶᠢᠴᠠᠭᠠᠯᠲᠠ ᠶᠢᠨ ᠲᠥᠷᠥᠯ ᠵᠦᠢᠯ ᠢᠶᠠᠨ ᠳᠠᠭᠤᠰᠬᠠᠭᠰᠠᠨ ᠤ ᠳᠠᠷᠠᠭ᠎ᠠ᠂ ᠥᠪᠡᠷ ᠤᠨ ᠪᠡᠶ᠎ᠡ ᠶᠢᠨ ᠪᠠᠶᠢᠴᠠᠭᠠᠯᠲᠠ ᠶᠢᠨ ᠦᠷ᠎ᠡ ᠳ᠋ᠦᠩ ᠢᠶᠠᠨ ᠨᠠᠷᠢᠨ ᠨᠢᠭᠲᠠ ᠪᠠᠶᠢᠴᠠᠭᠠᠭᠠᠳ ᠪᠤᠷᠤᠭᠤ ᠥᠬᠡᠶ ᠪᠠᠶᠢᠬᠤ ᠶᠢᠨ ᠬᠠᠮᠲᠤ ᠭᠠᠷ ᠤᠨ ᠥᠰᠥᠭ ᠵᠢᠷᠤᠨ᠎ᠠ ︵ᠪᠠᠰᠠ 18 ᠭᠠᠷᠠᠭ ᠪᠣᠯᠤᠭᠠᠳᠤᠶ ᠲᠣᠰ ᠬᠥᠮᠦᠨ ᠨᠢ ᠭᠠᠷ ᠤᠨ ᠥᠰᠥᠭ ᠵᠢᠷᠤᠬᠤ ᠠᠴᠠ ᠭᠠᠳᠠᠨ᠎ᠠ ᠪᠠᠰᠠ ᠬᠢᠨᠠᠨ ᠬᠠᠮᠠᠭᠠᠯᠠᠭᠴᠢ ᠭᠠᠷ ᠤᠨ ᠥᠰᠥᠭ ᠵᠢᠷᠤᠬᠤ ᠴᠢᠬᠤᠯᠠᠲᠠᠶ︶ ᠪᠥᠭᠡᠳ ︽ᠮᠡᠳᠡᠭᠳᠡᠬᠦ ᠪᠢᠴᠢᠭ︾ ᠲᠤ ᠭᠠᠷ ᠤᠨ ᠥᠰᠥᠭ ᠵᠢᠷᠤᠭᠰᠠᠨ ᠥᠬᠡᠶ ᠪᠣᠯ ᠬᠦᠴᠦᠨ ᠥᠬᠡᠶ ᠪᠠᠶᠢᠵᠤ᠂ ᠪᠡᠶ᠎ᠡ ᠶᠢᠨ ᠪᠠᠶᠢᠴᠠᠭᠠᠯᠲᠠ ᠳᠠᠭᠤᠰᠤᠭᠰᠠᠨ ᠤ ᠳᠠᠷᠠᠭ᠎ᠠ ᠪᠡᠶ᠎ᠡ ᠶᠢᠨ ᠪᠠᠶᠢᠴᠠᠭᠠᠯᠲᠠ ᠶᠢᠨ ᠬᠦᠰᠦᠨᠦᠭᠲᠦ ᠪᠠᠨ ᠡᠮᠨᠡᠯᠭᠡ ᠶᠢᠨ ᠬᠤᠷᠢᠶᠠᠨ ᠤ ᠪᠡᠶ᠎ᠡ ᠶᠢᠨ ᠪᠠᠶᠢᠴᠠᠭᠠᠯᠲᠠ ᠶᠢᠨ ᠲᠥᠪ ᠲᠤ ᠲᠤᠰᠢᠶᠠᠨ᠎ᠠ᠃    ᠲᠠᠪᠤ᠂ ᠪᠡᠶ᠎ᠡ ᠶᠢᠨ ᠪᠠᠶᠢᠴᠠᠭᠠᠯᠲᠠ ᠶᠢᠨ ᠬᠦᠰᠦᠨᠦᠭᠲᠦ ᠶᠢ ᠰᠢᠷᠪᠢᠵᠦ ᠳᠡᠭᠡᠭᠰᠢ ᠳᠠᠮᠵᠢᠭᠤᠯᠬᠤ ᠴᠢᠬᠤᠯᠠᠲᠠᠶ᠂ ᠨᠤᠭᠤᠯᠵᠤ ᠡᠪᠳᠡᠷᠡᠬᠦ ᠪᠤᠶᠤ ᠡᠪᠳᠡᠵᠦ ᠪᠣᠯᠬᠤ ᠥᠬᠡᠶ᠂ ᠨᠠᠩ ᠴᠤ ᠭᠡᠭᠡᠭᠳᠡᠵᠦ ᠪᠣᠯᠬᠤ ᠥᠬᠡᠶ ︵ᠡᠮᠨᠡᠯᠭᠡ ᠶᠢᠨ ᠬᠤᠷᠢᠶ᠎ᠠ ᠠᠴᠠ ᠴᠤ ᠰᠠᠯᠵᠤ ᠪᠣᠯᠬᠤ ᠥᠬᠡᠶ︶᠂ ᠡᠰᠡ ᠲᠡᠭᠡᠪᠡᠯ ᠦᠷ᠎ᠡ ᠳ᠋ᠦᠩ ᠢ ᠥᠪᠡᠷ ᠢᠶᠠᠨ ᠬᠠᠷᠢᠭᠤᠴᠠᠨ᠎ᠠ᠃ ᠰᠢᠯᠭᠠᠭᠰᠠᠳ ᠪᠡᠶ᠎ᠡ ᠶᠢᠨ ᠪᠠᠢᠴᠠᠭᠠᠯᠲᠠ ᠶᠢᠨ ᠬᠦᠰᠦᠨᠦᠭᠲᠦ ᠶᠢ ᠥᠪᠡᠰᠦᠪᠡᠨ ᠭᠡᠷᠡᠯ ᠵᠢᠷᠤᠭ ᠠᠪᠴᠤ ᠦᠯᠡᠳᠡᠭᠡᠨ ᠬᠠᠳᠠᠭᠠᠯᠠᠭᠰᠠᠨ ᠤ ᠳᠠᠷᠠᠭ᠎ᠠ ᠪᠡᠶ᠎ᠡ ᠶᠢᠨ ᠪᠠᠢᠴᠠᠭᠠᠯᠲᠠ ᠶᠢᠨ ᠮᠡᠳᠡᠭᠡ ᠵᠠᠩᠭᠢ ᠶᠢ ᠨᠤᠲᠠᠯᠠᠬᠤ᠃    ᠵᠢᠷᠭᠤᠭ᠎ᠠ᠂ ᠪᠡᠶ᠎ᠡ ᠶᠢᠨ ᠪᠠᠶᠢᠴᠠᠭᠠᠯᠲᠠ ᠶᠢᠨ ᠰᠦᠢᠳᠬᠡᠯ ᠢ ᠡᠮᠨᠡᠯᠭᠡ ᠳᠤ ᠲᠤᠰᠢᠶᠠᠨ᠎ᠠ᠃    ᠳᠣᠯᠤᠭ᠎ᠠ᠂ ᠰᠢᠯᠭᠠᠭᠤᠯᠤᠭᠴᠢ ᠪᠡᠶ᠎ᠡ ᠶᠢᠨ ᠪᠠᠶᠢᠴᠠᠭᠠᠯᠲᠠ ᠶᠢᠨ ᠬᠦᠰᠦᠨᠦᠭᠲᠦ ᠶᠢᠨ ᠨᠢᠭᠡᠳᠦᠭᠡᠷ ᠪᠤᠯᠤᠩ ᠳᠤ ︽ᠡᠪᠡᠳᠴᠢᠨ ᠤ ᠲᠡᠦᠬᠡ︾ ᠶᠢ ᠥᠪᠡᠷ ᠢᠶᠠᠨ ᠦᠨᠡᠨ ᠮᠥᠨ ᠢᠶᠠᠷ ᠨᠢ ᠲᠠᠭᠯᠠᠪᠠ᠃    ᠳᠡᠭᠡᠷᠡᠬᠢ ᠡᠯ᠎ᠡ ᠵᠦᠢᠯ ᠵᠤᠷᠪᠤᠰ ᠪᠠᠶᠢᠪᠠᠯ ᠡᠷᠬᠡᠪᠰᠢ ᠰᠢᠯᠭᠠᠭᠤᠯᠤᠭᠴᠢ ᠡᠷᠬᠡᠪᠰᠢ ᠨᠠᠷᠢᠨ ᠬᠢᠨᠠᠮᠠᠭᠠᠶ ᠤᠩᠰᠢᠬᠤ ᠶᠢᠨ ᠬᠠᠮᠲᠤ ᠲᠣᠭᠲᠠᠭᠰᠠᠨ ᠴᠠᠭ ᠶᠣᠰᠣᠭᠠᠷ ᠪᠡᠶᠡᠯᠡᠭᠦᠯᠬᠦ ᠬᠡᠷᠡᠭᠲᠡᠶ᠂ ᠡᠰᠡ ᠲᠡᠭᠡᠪᠡᠯ ᠦᠷ᠎ᠡ ᠳ᠋ᠦᠩ ᠢ ᠥᠪᠡᠷ ᠢᠶᠠᠨ ᠬᠠᠷᠢᠭᠤᠴᠠᠬᠤ ᠬᠡᠷᠡᠭᠲᠡᠶ᠃    ᠱᠠᠩᠳᠤ ᠰᠢᠶᠠᠨ ᠤ ᠰᠤᠷᠭᠠᠨ ᠬᠦᠮᠦᠵᠢᠯ ᠤᠨ ᠰᠤᠷᠤᠭᠴᠢ ᠡᠯᠰᠡᠬᠦ ᠰᠢᠯᠭᠠᠯᠳᠠ ᠶᠢᠨ ᠲᠦᠪ    2025 ᠣᠨ ᠤ 3 ᠰᠠᠷ᠎ᠠ ᠶᠢᠨ 4 ᠤ ᠡᠳᠦᠷ
 
ᠢᠷᠡᠯᠲᠡ᠄ ᠱᠠᠩᠳᠤ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2