ᠣᠯᠣᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ᠄ ᠴᠢᠩ ᠺᠠᠢ ᠯᠢᠩ ᠲᠠᠷᠢᠯᠭ᠎ᠠ ᠶᠢᠨ ᠡᠮ  ᠢ  ᠰᠠᠶ᠋ᠢ ᠲᠦᠷᠦᠭᠰᠡᠨ ᠬᠡᠦᠬᠡᠳ᠂ ᠨᠢᠯᠬ᠎ᠠ‌‍ᠬᠡᠥᠬᠡᠳ᠂  ᠵᠢᠷᠮᠣᠰᠣᠨ ᠪᠦᠰᠡᠬᠦᠢ ᠳᠤ ᠬᠡᠷᠡᠭᠯᠡᠬᠦ ᠶᠢ  ᠴᠡᠭᠡᠷᠯᠡᠨ᠎ᠡ
ᠨᠡᠶᠢᠲᠡᠯᠡᠭᠰᠡᠨ ᠴᠠᠭ᠄
2018-08-16
ᠣᠶᠢᠷ᠎ᠠ ᠶᠢᠨ ᠡᠳᠦᠷ᠂ ᠣᠯᠣᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ ᠰᠦᠯᠵᠢᠶ᠎ᠡ  
 ᠪᠠᠷᠮᠡᠳᠡᠭᠡ ᠨᠡᠶᠢᠲᠡᠯᠡᠵᠦ᠂ ᠴᠢᠩ ᠺᠠᠢ ᠯᠢᠩ ᠲᠠᠷᠢᠯᠭ᠎ᠠ ᠶᠢᠨ ᠡᠮ ᠪᠠ ᠲᠠᠷᠢᠯᠭ᠎ᠠ   ᠳᠤ  ᠬᠡᠷᠡᠭᠯᠡᠬᠦ  ᠢ  ᠴᠢ  ᠹᠦ᠋  ᠮᠠᠢ  ︵ᠬᠦᠯᠳᠡᠭᠡᠨᠬᠠᠳᠠᠭᠠᠭᠰᠠᠨ︶ ᠶᠢᠨ ᠳᠣᠲᠣᠷᠬᠠᠶᠢᠯᠠᠯᠲᠠ ᠳᠤ ᠵᠠᠰᠠᠪᠣᠷᠢ ᠣᠷᠣᠭᠤᠯᠪᠠ᠃ ᠠᠩᠬᠠᠷᠤᠭᠤᠰᠢᠲᠠᠢ ᠨᠢ᠂ ᠵᠢᠯ ᠤᠨ ᠪᠣᠷᠣᠯᠠᠭᠤᠯᠭ᠎ᠠ   ᠶᠢᠨᠣᠷᠣᠯᠭ᠎ᠠ ᠳ᠋ᠥᠩᠰᠢᠭᠤᠷ ᠳᠠᠪᠠᠵᠣ ᠪᠠᠶᠢᠭ᠎ᠠ ᠬᠢᠲᠠᠳ ᠡᠮ ᠤᠨ ᠶᠡᠭᠡ ᠲᠦᠷᠦᠯ ᠵᠦᠢᠯ ᠴᠢᠩ  ᠺᠠᠢ  ᠯᠢᠩ  ᠲᠠᠷᠢᠯᠭ᠎ᠠ   ᠶᠢᠨ  
ᠡᠮᠳᠣᠲᠣᠷᠬᠠᠶᠢᠯᠠᠯᠲᠠ ᠶᠢᠨ ᠪᠢᠴᠢᠭ ᠤᠨ ᠡᠮ ᠬᠡᠷᠡᠭᠯᠡᠬᠦ ᠶᠢ ᠴᠡᠭᠡᠷᠯᠡᠬᠦ ᠵᠦᠢᠯ ᠳᠤ ᠰᠠᠶ᠋ᠢ ᠲᠦᠷᠦᠭᠰᠡᠨ ᠬᠡᠦᠬᠡᠳ᠂ ᠨᠢᠯᠬ᠎ᠠ  ᠬᠡᠥᠬᠡᠳᠪᠠ ᠵᠢᠷᠮᠦᠰᠦᠨ ᠪᠦᠰᠡᠭᠦᠢ ᠳᠤ ᠬᠡᠷᠡᠭᠯᠡᠬᠦ ᠶᠢ ᠴᠡᠭᠡᠷᠯᠡᠬᠦ ᠶᠢ ᠲᠣᠳᠣᠷᠬᠠᠢ ᠳᠣᠭᠲᠠᠭᠠᠪᠠ᠃        ᠲᠣᠰ ᠣᠳᠠᠭᠠᠨ ᠤ ᠳᠣᠲᠣᠷᠬᠠᠶᠢᠯᠠᠯᠲᠠ ᠶᠢᠨ ᠵᠠᠰᠠᠪᠣᠷᠢ ᠳᠤ ᠬᠤᠯᠪᠣᠭᠳᠠᠭᠰᠠᠨ ᠬᠤᠶᠠᠷ ᠲᠦᠷᠦᠯ ᠤᠨ ᠡᠮ ᠤᠨ  ᠵᠦᠢᠯᠴᠥᠮ ᠬᠢᠲᠠᠳ ᠡᠮ ᠤᠨ ᠲᠠᠷᠢᠯᠭ᠎ᠠ ᠶᠢᠨ ᠬᠡᠪᠴᠢᠶᠡᠨ
 ᠳᠤ ᠬᠠᠷᠢᠶᠠᠯᠠᠭᠳᠠᠵᠣ᠂ ᠡᠭᠦᠨ ᠤ ᠳᠡᠭᠡᠷ᠎ᠡ ᠨᠡᠮᠡᠨ ᠨᠡᠶᠢᠲᠡᠯᠡᠭᠰᠡᠨ ᠱᠧᠨ ᠮᠠᠢᠲᠠᠷᠢᠯᠭ᠎ᠠ ᠶᠢᠨ ᠡᠮ᠂ ᠴᠠᠢ ᠬᠤ᠋ ᠲᠠᠷᠢᠯᠭ᠎ᠠ ᠶᠢᠨ ᠡᠮ᠂ ᠱᠣᠸᠠᠩ ᠬᠤᠸᠠᠩ ᠯᠢᠶᠠᠨ ᠲᠠᠷᠢᠯᠭ᠎ᠠ ᠶᠢᠨ ᠡᠮ᠂ ᠳ᠋ᠠᠨ  ᠱᠧᠨ  ᠲᠠᠷᠢᠯᠭ᠎ᠠ ᠶᠢᠨ ᠡᠮ ᠪᠣᠯ ᠨᠢᠭᠡᠨᠲᠡ2018 ᠣᠨ ᠤ ᠣᠯᠣᠰ ᠤᠨ ᠡᠮ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ ᠶᠢᠨ ᠰᠦᠯᠵᠢᠶ᠎ᠡ ᠪᠠᠷᠮᠡᠳᠡᠭᠡ ᠨᠡᠶᠢᠲᠡᠯᠡᠭᠰᠡᠨ ᠲᠠᠪᠣᠳᠣᠭᠠᠷ ᠪᠦᠯᠦᠭ ᠬᠢᠲᠠᠳ ᠡᠮ ᠤᠨ ᠲᠠᠷᠢᠯᠭ᠎ᠠ ᠶᠢᠨ  ᠡᠮ   ᠤᠨ  ᠲᠣᠳᠣᠷᠬᠠᠶᠢᠯᠠᠯᠲᠠ   ᠳᠤ  ᠵᠠᠰᠠᠪᠣᠷᠢᠣᠷᠣᠭᠤᠯᠣᠭᠰᠠᠨ ᠶᠢᠨ ᠨᠡᠶᠢᠲᠡᠯᠡᠯ᠃ ᠠᠳᠠᠯᠢ ᠲᠠᠯ᠎ᠠ ᠨᠢ᠂ ᠡᠳᠡᠭᠡᠷ ᠬᠢᠲᠠᠳ ᠡᠮ ᠤᠨ ᠲᠠᠷᠢᠯᠭ᠎ᠠ ᠶᠢᠨ ᠡᠮ ᠴᠥᠮ ᠠᠳᠠᠯᠢ  ᠪᠣᠰᠣᠬᠡᠮᠵᠢᠶ᠎ᠡ ᠪᠠᠷ ︽ᠬᠡᠥᠬᠡᠳ ᠲᠤ ᠬᠡᠷᠡᠭᠯᠡᠬᠦ ᠶᠢ ᠴᠡᠭᠡᠷᠯᠡᠬᠦ ᠨᠡᠷᠡᠰ ᠤᠨ ᠵᠢᠭᠰᠠᠭᠠᠯ︾ ᠳᠤ ᠵᠢᠬᠰᠠᠭᠠᠬᠲᠠᠬᠰᠠᠨ ᠲᠤᠯᠠ᠂ ᠡᠮᠴᠢ  ᠪᠣᠯᠣᠨᠭᠡᠷ ᠤᠨ ᠠᠬᠠᠮᠠᠳ ᠠᠩᠬᠠᠷᠣᠯ ᠳᠤ ᠪᠠᠨ ᠠᠪᠬᠤ ᠬᠡᠷᠡᠭᠲᠡᠢ᠃        ᠲᠣᠬᠠᠶᠢᠯᠠᠭᠰᠠᠨ ᠠᠵᠢᠯ ᠤᠨ ᠬᠥᠮᠦᠰ ᠤᠨ ᠢᠯᠡᠷᠬᠡᠶᠢᠯᠡᠭᠰᠡᠨ ᠢᠶᠠᠷ᠂ ᠡᠮ ᠤᠨ  ᠵᠦᠢᠯ   ᠤᠨ  ᠳᠣᠲᠣᠷᠬᠠᠶᠢᠯᠠᠯᠲᠠ   ᠶᠢᠨᠪᠢᠴᠢᠭ ᠤᠨ ᠵᠠᠰᠠᠪᠣᠷᠢ ᠪᠣᠯ ᠡᠮ ᠤᠨ
ᠵᠦᠢᠯ ᠤᠨ ᠲᠣᠬᠢᠷᠠᠬᠤ ᠦᠭᠡᠢ ᠢᠯᠡᠷᠡᠯ   ᠤᠨ  ᠰᠢᠯᠭᠠᠨ  ᠪᠠᠶᠢᠴᠠᠭᠠᠯᠲᠠ  ᠵᠡᠷᠭᠡ  ᠲᠤᠭ᠎ᠠᠪᠠᠷᠢᠮᠲᠠ ᠳᠤ ᠲᠣᠬᠢᠷᠠᠭᠤᠯᠣᠯᠲᠠ ᠬᠢᠭᠰᠡᠨ ᠡᠮ   ᠤᠨ  ᠵᠦᠢᠯ   ᠤᠨ  ᠬᠢᠨᠠᠯᠲᠠ  ᠬᠠᠮᠢᠶᠠᠷᠣᠯᠲᠠ   ᠶᠢᠨ  ᠴᠢᠩᠭᠠᠳᠬᠠᠯ  ᠪᠣᠯᠣᠨ᠎ᠠ᠂ᠡᠮᠴᠢᠯᠡᠭᠡᠨ ᠳᠤ ᠬᠡᠷᠡᠭᠯᠡᠬᠦ ᠡᠮ ᠤᠨ ᠲᠠᠰᠣᠷᠠᠯᠲᠠ ᠦᠭᠡᠢ ᠵᠢᠷᠣᠮᠵᠢᠭᠤᠯᠣᠯᠲᠠ ᠪᠣᠯ ᠵᠠᠶᠢᠯᠠᠰᠢ ᠦᠭᠡᠢ ᠬᠠᠨᠳᠣᠰᠢ ᠪᠦᠭᠡᠳ  ᠵᠠᠰᠠᠬᠤᠳᠣᠳᠣᠮ ᠨᠠᠷᠢᠯᠢᠭᠵᠢᠨ ᠳᠡᠭᠦᠯᠳᠡᠷᠵᠢᠪᠡᠯ ᠳᠠᠭᠠᠷᠠᠨ᠎ᠠ᠃ ᠲᠠᠷᠢᠯᠭ᠎ᠠ ᠳᠤ ᠬᠡᠷᠡᠭᠯᠡᠬᠦ ᠢ ᠴᠢ ᠹᠦ᠋ ᠮᠠᠢ  ︵ᠬᠦᠯᠳᠡᠭᠡᠵᠦ  ᠬᠠᠲᠠᠭᠠᠭᠰᠠᠨ︶ᠳᠣᠲᠣᠷᠬᠠᠶᠢᠯᠠᠯᠲᠠ ᠶᠢᠨ ᠪᠢᠴᠢᠭ ᠶᠢᠨ ᠵᠠᠰᠠᠪᠣᠷᠢ  ᠣᠷᠣᠭᠤᠯᠣᠭᠰᠠᠨ  ᠲᠣᠬᠢᠷᠠᠬᠤ  ᠦᠭᠡᠢ  ᠢᠯᠡᠷᠡᠯ   ᠤᠨ  ᠵᠦᠢᠯ᠄  ᠵᠠᠰᠠᠪᠣᠷᠢᠣᠷᠣᠭᠤᠯᠬᠤ ᠠᠴᠠ ᠡᠮᠦᠨᠡᠬᠢ ᠭᠤᠷᠪᠠᠨ ᠵᠦᠢᠯ ᠪᠣᠯ ︽ᠲᠣᠰ ᠪᠣᠳᠣᠭᠡᠭᠳᠡᠭᠦᠨ ᠢ ᠬᠡᠷᠡᠭᠯᠡᠬᠦ ᠳᠤ ᠠᠷᠠᠰᠣᠨ ᠡᠰᠡᠷᠭᠡᠨ᠎ᠡ᠂ ᠴᠡᠴᠡᠷᠡᠬᠦ᠂ᠬᠠᠯᠠᠭᠤᠷᠠᠬᠤ ᠬᠤᠪᠣᠷᠬᠠᠨ ᠡᠭᠦᠰᠦᠨ᠎ᠡ᠃ ᠬᠡᠷᠪᠡ ᠳᠡᠭᠡᠷᠡᠬᠢ  ᠢᠯᠡᠷᠡᠯ  ᠡᠭᠦᠰᠪᠡᠯ᠂  ᠡᠮ   ᠢᠶᠠᠨ  ᠳᠠᠷᠣᠢ  ᠲᠦᠷᠭᠡᠨ  ᠵᠣᠭᠰᠣᠵᠣᠡᠪᠡᠳᠴᠢᠨ ᠤ ᠰᠢᠨᠵᠢ ᠳᠤ ᠲᠠᠭᠠᠷᠠᠭᠤᠯᠣᠨ ᠰᠢᠢᠳᠪᠦᠷᠢᠯᠡᠨ᠎ᠡ︾ ᠭᠡᠵᠡᠢ᠃
ᠵᠠᠰᠠᠪᠣᠷᠢ ᠣᠷᠣᠭᠤᠯᠣᠭᠰᠠᠨ ᠤ  ᠳᠠᠷᠠᠭ᠎ᠠ  ᠣᠣᠯ   ᠤᠨᠳᠣᠲᠣᠷᠬᠠᠶᠢᠯᠠᠯᠲᠠ ᠶᠢᠨ ︽ᠲᠣᠬᠢᠷᠠᠬᠤ ᠦᠭᠡᠢ ᠢᠯᠡᠷᠡᠯ︾ ᠤᠨ ᠳᠣᠲᠣᠷᠠᠬᠢ ︽3︾ ᠶᠢᠨ ᠬᠤᠯᠪᠣᠭᠳᠠᠯ  ᠪᠦᠬᠦᠢ  ᠠᠭᠤᠯᠭ᠎ᠠ   ᠶᠢᠬᠠᠰᠣᠭᠰᠠᠨ ᠪᠦᠭᠡᠳ 9 ᠲᠣᠮᠣ ᠵᠦᠢᠯ ᠤᠨ ᠠᠭᠤᠯᠭ᠎ᠠ ︽ᠬᠠᠷᠰᠢᠮᠠᠲᠠᠬᠠᠢ ᠢᠯᠡᠷᠡᠯ᠄ ᠠᠷᠠᠰᠣ ᠣᠯᠠᠶᠢᠬᠤ᠂ ᠠᠷᠠᠰᠣᠨ ᠡᠰᠡᠷᠭᠡᠨ᠎ᠡ᠂ᠵᠠᠭᠠᠳᠣᠨᠠᠬᠤ᠂ ᠠᠮᠢᠰᠬᠤᠯ ᠬᠦᠴᠢᠷᠳᠡᠬᠦ᠂ ᠵᠢᠷᠦᠬᠡ ᠰᠠᠪᠯᠠᠬᠤ᠂ ᠬᠦᠬᠡᠷᠡᠬᠦ᠂ ᠴᠢᠰᠣᠨ ᠳᠠᠷᠣᠯᠲᠠ ᠳᠣᠷᠣᠭᠰᠢᠯᠠᠬᠤ᠂  ᠬᠠᠷᠰᠢᠯᠳᠠᠭᠰᠠᠨᠮᠠᠶ᠋ᠢᠭ ᠤᠨ ᠢᠯᠡᠷᠡᠯ᠂ ᠬᠠᠷᠰᠢᠯᠳᠠᠭᠰᠠᠨ ᠴᠢᠨᠠᠷᠲᠠᠢ ᠦᠭᠦᠳᠬᠢᠬᠦ ᠵᠡᠷᠭᠡ᠃ ᠪᠦᠬᠦ ᠪᠡᠶ᠎ᠡ ᠶᠢᠨ ᠴᠢᠨᠠᠷᠲᠠᠢ ᠢᠯᠡᠷᠡᠯ᠄ ᠳᠠᠭᠠᠷᠠᠭᠤᠯᠬᠤ᠂ᠬᠠᠯᠠᠭᠤᠷᠠᠬᠤ᠂ ᠪᠡᠭᠡᠷᠡᠬᠦ᠂ ᠵᠢᠭᠡᠭᠦᠴᠡᠬᠦ᠂ ᠴᠡᠴᠡᠷᠡᠬᠦ ᠵᠡᠷᠭᠡ᠃ ᠠᠮᠢᠰᠬᠤᠯ ᠤᠨ ᠰᠢᠰᠲ᠋ᠧᠮ᠄ ᠠᠮᠢᠰᠬᠤᠯ ᠳᠡᠭᠡᠷᠡᠳᠡᠬᠦ᠂  ᠴᠢᠬᠤᠯᠳᠠᠬᠤᠵᠡᠷᠭᠡ᠃ ᠵᠢᠷᠦᠬᠡ ᠴᠢᠰᠣᠨ ᠰᠣᠳᠠᠯ ᠤᠨ ᠰᠢᠰᠲ᠋ᠧᠮ᠄ ᠵᠢᠷᠦᠬᠡ ᠴᠡᠴᠡᠷᠡᠬᠦ᠂  ᠪᠠᠴᠢᠮᠳᠠᠬᠤ᠂  ᠴᠢᠰᠣᠨ  ᠳᠠᠷᠣᠯᠲᠠ  ᠳᠡᠭᠡᠭᠰᠢᠯᠡᠬᠦ᠂ᠵᠢᠷᠦᠬᠡᠨ ᠴᠣᠬᠢᠯᠭ᠎ᠠ ᠬᠤᠷᠳᠣᠰᠬᠤ ᠵᠡᠷᠭᠡ︔ ᠰᠢᠩᠭᠡᠭᠡᠯᠲᠡ ᠶᠢᠨ  ᠰᠢᠰᠲ᠋ᠧᠮ᠄  ᠳᠣᠷᠠᠪᠠᠯᠵᠠᠬᠤ᠂  ᠪᠦᠭᠡᠯᠵᠢᠬᠦ᠂  ᠠᠮᠠ  ᠬᠠᠳᠠᠬᠤᠵᠡᠷᠭᠡ᠃
ᠮᠡᠳᠡᠷᠡᠯ ᠤᠨ ᠰᠢᠰᠲ᠋ᠧᠮ᠄ ᠲᠣᠯᠣᠭᠠᠢ ᠡᠷᠬᠢᠬᠦ᠂ ᠲᠣᠯᠣᠭᠠᠢ ᠡᠪᠡᠳᠬᠦ᠂ ᠴᠡᠴᠡᠷᠡᠬᠦ᠂ ᠪᠠᠴᠢᠮᠳᠠᠬᠤ᠂  ᠬᠡᠰᠡᠭ  ᠬᠡᠰᠡᠭ   ᠢᠶᠠᠷᠮᠢᠨᠴᠦᠭᠦᠷᠡᠬᠦ ᠵᠡᠷᠭᠡ᠃ ᠠᠷᠠᠰᠣᠨ ᠤ ᠢᠯᠡᠷᠡᠯ᠄ ᠠᠷᠠᠰᠣᠨ ᠡᠰᠡᠷᠭᠡᠨ᠎ᠡ᠂ ᠵᠠᠭᠠᠳᠣᠨᠠᠬᠤ᠂ ᠬᠥᠯᠦᠰᠦ ᠭᠠᠷᠬᠤ᠂ ᠬᠡᠰᠡᠭ  ᠲᠠᠯ᠎ᠠ   ᠶᠢᠨᠢᠯᠡᠷᠡᠯ ᠵᠡᠷᠭᠡ᠃ ᠡᠮ ᠬᠡᠷᠡᠭᠯᠡᠭᠰᠡᠨ ᠬᠡᠰᠡᠭ᠄ ᠡᠪᠡᠳᠬᠦ᠂ ᠲᠠᠷᠢᠭᠰᠠᠨ ᠬᠡᠰᠡᠭ ᠤᠨ ᠢᠯᠡᠷᠡᠯ᠂  ᠨᠠᠷᠢᠨ  ᠰᠣᠳᠠᠯ   ᠤᠨ  ᠥᠷᠪᠢᠰᠦᠯᠵᠡᠷᠭᠡ᠃ ᠪᠣᠰᠣᠳ᠄ ᠡᠪᠡᠳᠬᠦ᠂ ᠮᠠᠭᠤᠵᠢᠷᠠᠭᠤᠯᠬᠤ᠂ ᠬᠠᠷᠠᠭᠠᠨ ᠰᠡᠷᠡᠯ ᠬᠡᠪ ᠤᠨ ᠪᠣᠰᠣ ᠪᠣᠯᠬᠤ᠂ ᠰᠠᠷ᠎ᠠ ᠶᠢᠨ ᠭᠬᠢᠷ ᠲᠡᠭᠰᠢ ᠦᠭᠡᠢᠪᠣᠯᠬᠤ ᠵᠡᠷᠭᠡ︾ ᠶᠢ ᠨᠡᠮᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2