ᠰᠠᠭᠤᠭ᠎ᠠ ᠪᠠᠷ ᠢᠶᠠᠨ ᠦᠷᠭᠡᠯᠡᠬᠦ ᠪᠤᠯ ᠡᠩ ᠤᠨ ᠶᠠᠪᠤᠳᠠᠯ᠂ ᠳᠦᠷ ᠠᠮᠤᠰᠬᠢᠭᠡᠳ ᠠᠪᠬᠤ ᠰᠠᠶᠢᠨ ᠠᠷᠭ᠎ᠠ ᠴᠤ | ᠪᠠᠶᠢᠵᠤ ᠮᠡᠳᠡᠨ᠎ᠠ᠃ ᠭᠡᠪᠡᠴᠦ ᠨᠠᠰᠤᠳᠠᠢ ᠬᠦᠮᠦᠨ ᠳᠤ ᠠᠪᠴᠤ ᠬᠡᠯᠡᠪᠡᠯ ᠠᠶᠤᠯᠳᠠᠢ ᠪᠠᠶᠢᠳᠠᠭ᠃ | ᠨᠠᠰᠤᠳᠠᠢ ᠬᠦᠮᠦᠨ ᠶᠠᠭᠠᠬᠢᠭᠠᠳ ᠠᠮᠠᠷᠬᠠᠨ ᠦᠷᠭᠡᠯᠡᠳᠡᠭ ᠪᠤᠢ | ᠬᠦᠮᠦᠨ ᠨᠠᠰᠤ ᠠᠬᠰᠢᠷᠠᠭᠰᠠᠭᠠᠷ ᠳᠤᠤᠷ᠎ᠠ ᠳᠤᠷᠠᠬᠠᠨ ᠨᠦᠢᠷ ᠬᠦᠷᠬᠦ ᠪᠠᠶᠢᠳᠠᠯ ᠲᠠᠢ ᠪᠤᠯᠳᠠᠭ᠃ ᠡᠭᠦᠨ ᠳᠤ | ᠬᠤᠶᠠᠷ ᠵᠦᠢᠯ ᠤᠨ ᠰᠢᠯᠳᠠᠭᠠᠨ ᠪᠠᠶᠢᠳᠠᠭ᠄ | ᠹᠢᠽᠢᠤᠯᠤᠬᠢ ᠶᠢᠨ ᠳᠠᠯ᠎ᠠ ᠠᠴᠠ ᠠᠪᠴᠤ ᠦᠵᠡᠪᠡᠯ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠳᠠᠷᠢᠬᠢᠨ ᠤ | ᠡᠰ ᠠᠭᠠᠵᠢᠮ ᠢᠶᠠᠷ ᠬᠦᠭᠰᠢᠷᠡᠵᠦ᠂ ᠴᠦᠭᠡᠷᠡᠨ᠂ ᠦᠨᠳᠦᠰᠦᠨ ᠳᠡᠭᠡᠨ ᠳᠠᠬᠢᠨ ᠳᠦᠯᠵᠢᠬᠦ ᠪᠠᠨ ᠪᠤᠯᠢᠵᠤ᠂ ᠶᠡᠭᠡ | ᠳᠠᠷᠢᠬᠢ ᠠᠭᠠᠵᠢᠮ ᠢᠶᠠᠷ ᠮᠠᠭᠤᠳᠠᠵᠤ ᠠᠪᠴᠢᠨ᠎ᠠ᠂ ᠳᠡᠭᠡᠭᠡᠳ ᠳᠠᠷᠢᠬᠢᠨ ᠮᠡᠳᠡᠷᠡᠯ ᠤᠨ ᠬᠤᠭᠤᠷᠤᠨᠳᠤᠬᠢ ᠬᠠᠷᠢᠴᠠᠭ᠎ᠠ | ᠬᠤᠯᠪᠤᠭ᠎ᠠ ᠴᠦᠭᠡᠷᠡᠵᠦ ᠡᠬᠢᠯᠡᠨ᠂ ᠰᠡᠷᠡᠯ ᠮᠡᠳᠡᠷᠡᠯ ᠮᠠᠭᠤᠳᠠᠬᠤ᠂ ᠰᠡᠳᠭᠢᠬᠦᠢ ᠤᠳᠠᠭᠠᠨ ᠪᠤᠯᠬᠤ ᠵᠡᠷᠭᠡ ᠪᠠᠶᠢᠳᠠᠯ | ᠭᠠᠷᠳᠠᠭ᠃ ᠡᠭᠦᠨ ᠠᠴᠠ ᠪᠤᠯᠵᠤ ᠠᠮᠠᠷᠬᠠᠨ ᠦᠷᠭᠡᠯᠡᠨᠠ᠃ | ᠡᠪᠡᠳᠴᠢᠨ ᠡᠮᠬᠡᠭ ᠤᠨ ᠳᠠᠯ᠎ᠠ ᠠᠴᠠ ᠠᠪᠴᠤ ᠦᠵᠡᠪᠡᠯ᠂ ᠵᠠᠷᠢᠮ ᠨᠠᠰᠤᠳᠠᠨ ᠤ ᠳᠠᠷᠢᠬᠢᠨ ᠤ ᠯᠤᠬᠰᠢᠭᠤᠨ | ᠰᠤᠳᠠᠯ ᠨᠢ ᠬᠠᠳᠠᠭᠤᠷᠠᠭᠰᠠᠨ ᠠᠴᠠ ᠪᠤᠯᠵᠤ ᠳᠠᠷᠢᠬᠢᠨ ᠤ ᠴᠢᠰᠦᠨ ᠤ ᠬᠠᠩᠭᠠᠯᠭ᠎ᠠ ᠬᠦᠷᠦᠯᠴᠡᠭᠡ ᠮᠠᠭᠤᠳᠠᠢ | ᠪᠤᠯᠤᠭᠰᠠᠨ ᠠᠴᠠ ᠠᠮᠠᠷᠬᠠᠨ ᠦᠷᠭᠡᠯᠡᠬᠦ ᠪᠠᠶᠢᠳᠠᠯ ᠢᠯᠡᠷᠡᠳᠡᠭ᠃ | ᠰᠠᠭᠤᠭ᠎ᠠ ᠪᠠᠷ ᠢᠶᠠᠨ ᠦᠷᠭᠡᠯᠡᠪᠡᠯ ᠰᠢᠷᠬᠠᠳᠤᠵᠤ ᠮᠡᠳᠡᠨ᠎ᠠ | ᠬᠦᠵᠦᠭᠦᠦ ᠪᠠᠨ ᠭᠡᠮᠳᠦᠭᠡᠵᠦ ᠮᠡᠳᠡᠨ᠎ᠠ᠄ ᠬᠦᠮᠦᠨ ᠰᠠᠭᠤᠭ᠎ᠠ ᠪᠠᠷ ᠢᠶᠠᠨ ᠦᠷᠭᠡᠯᠡᠪᠡᠯ ᠳᠤᠯᠤᠭᠠᠢ ᠪᠠᠨ ᠨᠠᠭᠠᠰᠢ | ᠴᠠᠭᠠᠰᠢ ᠰᠠᠪᠠᠯᠠᠬᠤ ᠪᠠᠶᠢᠳᠠᠯ ᠭᠠᠷᠳᠠᠭ᠃ ᠨᠠᠰᠤᠳᠠᠶᠢᠴᠤᠳ ᠤᠨ ᠬᠦᠵᠦᠭᠦᠦ ᠨᠢ ᠵᠠᠯᠠᠭᠤ ᠬᠦᠮᠦᠨ ᠤ ᠬᠢ ᠰᠢᠭ ᠤᠶᠠᠨ | ᠬᠠᠳᠠᠨ ᠪᠢᠰᠢ ᠪᠤᠯᠤᠭᠰᠠᠨ ᠪᠤᠯᠬᠤ ᠪᠠᠷ ᠳᠤᠯᠤᠭᠠᠢ ᠪᠠᠨ ᠳᠤᠬᠢᠰᠬᠢᠭᠡᠳ ᠠᠪᠬᠤ ᠳᠤ ᠭᠦᠵᠦᠭᠦᠦ ᠪᠠᠨ ᠭᠡᠮᠳᠦᠭᠡᠴᠢᠭᠡᠵᠦ | ᠮᠡᠳᠡᠨ᠎ᠠ᠃ | ᠤᠨᠠᠵᠤ ᠳᠤᠰᠬᠤ ᠠᠶᠤᠯ ᠲᠠᠢ᠄ ᠰᠠᠭᠤᠭ᠎ᠠ ᠪᠠᠷ ᠢᠶᠠᠨ ᠤᠨᠳᠠᠭᠠᠳ ᠪᠤᠰᠬᠤ ᠳᠤ ᠪᠡᠶ᠎ᠡ ᠶᠢᠨ ᠳᠡᠩᠴᠡᠭᠦᠷᠢ | ᠠᠮᠠᠷᠬᠠᠨ ᠠᠯᠳᠠᠬᠳᠠᠳᠠᠭ᠂ ᠳᠡᠶᠢᠮᠦ ᠠᠴᠠ ᠤᠨᠠᠵᠤ ᠳᠤᠰᠬᠤ ᠠᠶᠤᠯ ᠲᠠᠢ᠃ | ᠠᠮᠠᠷᠬᠠᠨ ᠬᠢᠮᠤᠷᠠᠳᠠᠭ᠄ ᠰᠠᠭᠤᠭ᠎ᠠ ᠪᠠᠷ ᠦᠷᠭᠡᠯᠡᠨᠠ ᠭᠡᠳᠡᠭ ᠴᠢᠨᠢ ᠬᠠᠮᠢᠭ᠎ᠠ ᠴᠤ ᠦᠷᠭᠡᠯᠡᠵᠦ ᠪᠤᠯᠤᠨ᠎ᠠ᠂ | ᠬᠡᠷᠪᠡ ᠰᠠᠯᠬᠢᠨ ᠠᠮᠠ ᠳᠠᠭᠠᠷᠠᠪᠠᠯ᠂ ᠤᠨᠳᠠᠭᠠᠳ ᠪᠡᠶ᠎ᠡ ᠶᠢᠨ ᠳᠤᠯᠠᠭᠠᠨ ᠪᠠᠭᠤᠷᠠᠭᠰᠠᠨ ᠳᠡᠭᠡᠷ᠎ᠡ ᠰᠡᠯᠬᠢᠨ ᠳᠤ | ᠦᠯᠢᠶᠡᠯᠭᠡᠪᠡᠯ ᠠᠮᠠᠷᠬᠠᠨ ᠬᠢᠮᠦᠷᠠᠭ᠎ᠠ ᠳᠤ ᠨᠡᠷᠪᠡᠭᠳᠡᠬᠦ ᠠᠶᠤᠯ ᠲᠠᠢ᠃ | ᠨᠠᠰᠤᠳᠠᠶᠢᠴᠤᠳ ᠤᠨ ᠨᠦᠢᠷ ᠬᠦᠷᠬᠦ ᠶᠢ ᠠᠷᠭᠠᠴᠠᠬᠤ ᠵᠦᠪ ᠠᠷᠭ᠎ᠠ | ᠨᠠᠰᠤᠳᠠᠢ ᠭᠦᠮᠦᠨ ᠤ ᠡᠳᠦᠷ ᠢᠶᠠᠷ ᠨᠦᠢᠷ ᠬᠦᠷᠬᠦ ᠨᠢ ᠢᠯᠡᠭᠦᠦ ᠪᠤᠯᠬᠤ ᠪᠤᠶᠤ ᠪᠠᠶᠢᠨ ᠪᠠᠶᠢᠨ ᠦᠷᠭᠡᠯᠡᠭᠡᠳ | ᠪᠠᠶᠢᠪᠠᠯ᠂ ᠳᠦᠷ ᠳᠤᠭᠬᠢᠬᠤ ᠶᠢᠨ ᠳᠡᠭᠡᠷ᠎ᠡ ᠦᠳᠡ ᠶᠢᠨ ᠨᠦᠢᠷ ᠠᠪᠬᠤ ᠠᠷᠭ᠎ᠠ ᠪᠠᠷ ᠳᠠᠷᠢᠬᠢ ᠳᠤᠯᠤᠭᠠᠢ ᠪᠠᠨ | ᠰᠡᠷᠭᠦᠭᠡᠵᠦ ᠪᠤᠯᠤᠨ᠎ᠠ᠃ ᠳᠤᠬᠬᠢᠬᠤ ᠴᠠᠭ ᠨᠢ ᠭᠡᠳᠦ ᠤᠷᠳᠤ ᠪᠠᠶᠢᠵᠤ ᠪᠤᠯᠬᠤ ᠦᠭᠡᠢ 10 — 20 ᠮᠢᠨᠦ᠋ᠲ ᠪᠤᠯ | ᠪᠤᠯᠴᠢᠬᠠᠨ᠎ᠠ᠂ ᠳᠠᠷᠤᠢ ᠳᠠᠷᠢᠬᠢ ᠰᠡᠷᠭᠦᠵᠦ ᠳᠡᠶᠢᠯᠪᠡᠯ ᠪᠤᠯᠴᠢᠬᠠᠨ᠎ᠠ᠃ | ᠨᠦᠢᠷ ᠬᠦᠷᠦᠭᠰᠡᠨ ᠴᠠᠭ ᠲᠠᠭᠠᠨ ᠬᠠᠨᠵᠤ ᠪᠤᠶᠤ ᠱᠠᠹᠠ ᠳᠡᠭᠡᠷ᠎ᠡ ᠪᠠᠨ ᠳᠤᠬᠢᠯᠠᠵᠤ ᠬᠡᠪᠳᠡᠭᠡᠳ ᠳᠦᠷ | ᠳᠤᠬᠭᠢᠨᠠ᠃ ᠰᠡᠷᠢᠭᠡᠳ ᠴᠤ ᠤᠬᠯᠤ ᠦᠰᠦᠷᠦᠨ ᠪᠤᠰᠬᠤ ᠪᠤᠶᠤ ᠪᠡᠶ᠎ᠡ ᠤᠷᠪᠠᠵᠤ ᠪᠤᠯᠬᠤ ᠦᠭᠡᠢ᠂ ᠭᠡᠰᠡᠭ | ᠳᠠᠶᠢᠪᠤᠩ ᠬᠡᠪᠳᠡᠭᠰᠡᠨ ᠢᠶᠠᠨ ᠳᠤᠯᠵᠤ ᠳᠦᠰᠢᠭᠦ ᠶᠠᠭᠤᠮ᠎ᠠ ᠤᠯᠵᠤ ᠳᠦᠰᠢᠵᠦ ᠨᠠᠯᠠᠨ ᠳᠠᠶᠢᠪᠤᠩ ᠪᠤᠰᠪᠠᠯ ᠵᠤᠬᠢᠨ᠎ᠠ᠃ | ᠦᠳᠡ ᠳᠡᠭᠡᠨ 1 ᠴᠠᠭ ᠬᠢᠷᠢᠳᠡᠢ ᠤᠨᠳᠠᠵᠤ ᠪᠤᠯᠤᠨ᠎ᠠ᠃ ᠤᠨᠳᠠᠬᠤ ᠴᠠᠭ ᠨᠢ ᠳᠡᠩᠳᠡᠭᠦᠦ ᠤᠬᠤᠷ ᠪᠤᠯᠪᠠᠯ | ᠠᠮᠠᠷᠠᠵᠤ ᠳᠡᠶᠢᠯᠬᠦ ᠦᠭᠡᠢ᠂ ᠤᠷᠳᠤ ᠪᠤᠯᠪᠠᠯ ᠰᠦᠨᠢ ᠳᠡᠭᠡᠨ ᠤᠨᠳᠠᠵᠤ ᠳᠡᠶᠢᠯᠬᠦ ᠦᠭᠡᠢ ᠪᠤᠯᠤᠨ᠎ᠠ᠃ | ᠳᠠᠭᠠᠳᠠᠢ ᠤᠨᠳᠠᠬᠤ ᠨᠢ ᠨᠠᠰᠤᠳᠠᠢ ᠬᠦᠮᠦᠨ ᠳᠤ ᠳᠤᠩ ᠴᠢᠬᠤᠯᠠ | ᠹᠢᠽᠢᠦᠯᠤᠬᠢ ᠶᠢᠨ ᠰᠢᠯᠳᠠᠭᠠᠨ᠂ ᠤᠵᠢᠬ ᠡᠪᠡᠳᠴᠢᠨ ᠤ ᠤᠷᠰᠢᠬ᠂ ᠰᠦᠨᠢ ᠪᠤᠰᠴᠤ ᠭᠠᠳᠠᠭᠠᠯᠠᠬᠤ | ᠵᠡᠷᠭᠡ ᠠᠴᠠ ᠪᠤᠯᠵᠤ ᠨᠠᠰᠤᠳᠠᠶᠢᠴᠤᠳ ᠰᠦᠨᠢ ᠨᠢ ᠰᠠᠶᠢᠨ ᠤᠨᠳᠠᠵᠤ ᠳᠡᠶᠢᠯᠬᠦ ᠦᠭᠡᠢ᠂ ᠡᠳᠦᠷ ᠨᠢ ᠨᠦᠢᠷ ᠬᠦᠷᠬᠦ | ᠪᠠᠶᠢᠳᠠᠯ ᠲᠠᠢ ᠪᠠᠶᠢᠳᠠᠭ᠃ ᠶᠠᠭᠠᠬᠢᠪᠠᠯ ᠰᠠᠶᠢᠨ ᠤᠨᠳᠠᠵᠤ ᠳᠡᠶᠢᠯᠦᠨ᠎ᠠ ᠪᠤᠢ︖ | ᠤᠷᠤᠢ ᠳᠠᠭᠠᠨ 22 ᠴᠠᠭ ᠠᠴᠠ ᠡᠮᠦᠨ᠎ᠠ ᠤᠨᠳᠠᠵᠤ᠂ 7 ᠴᠠᠭ ᠤᠷᠴᠢᠮ ᠤᠨᠳᠠᠬᠤ ᠶᠢ ᠪᠠᠳᠤᠯᠠᠪᠠᠯ ᠰᠠᠶᠢᠨ | ᠭᠡᠵᠦ ᠨᠠᠰᠤᠳᠠᠶᠢᠴᠤᠳ ᠲᠤ ᠰᠠᠨᠠᠭᠤᠯᠤᠶ᠎ᠠ᠃ | ᠡᠳᠦᠷ ᠨᠠᠷᠠᠨ ᠳᠤ ᠢᠯᠡᠭᠦᠦ ᠡᠭᠡᠭᠡᠷᠡᠢ᠃ ᠡᠳᠦᠷ ᠨᠠᠷᠠᠨ ᠳᠤ ᠰᠠᠶᠢᠨ ᠡᠭᠡᠭᠡᠪᠡᠯ ᠤᠨᠳᠠᠯᠭ᠎ᠠ ᠳᠤ ᠰᠠᠭᠠᠳ | ᠤᠴᠠᠷᠠᠬᠤ ᠡᠪᠡᠳᠴᠢᠨ ᠤ ᠪᠠᠶᠢᠳᠠᠯ ᠢ ᠡᠮᠨᠡᠵᠦ ᠳᠡᠶᠢᠯᠦᠨ᠎ᠠ ᠭᠡᠵᠦ ᠰᠤᠳᠤᠯᠭᠠᠨ ᠳᠤ ᠭᠡᠷᠡᠴᠢᠯᠡᠭᠰᠡᠨ ᠪᠠᠶᠢᠨ᠎ᠠ᠃ | ᠳᠡᠶᠢᠮᠦ ᠠᠴᠠ ᠨᠠᠰᠤᠳᠠᠶᠢᠴᠤᠳ ᠡᠳᠦᠷ ᠲᠤ 2 ᠴᠠᠭ ᠤᠷᠴᠢᠮ ᠨᠠᠷᠠᠨ ᠳᠤ ᠡᠭᠡᠭᠡᠵᠦ᠂ ᠭᠠᠳᠠᠨ᠎ᠠ ᠭᠠᠷᠬᠤ ᠪᠤᠯᠤᠮᠵᠢ | ᠦᠭᠡᠢ ᠴᠤ ᠭᠡᠰᠡᠨ ᠭᠡᠷ ᠢᠶᠠᠨ ᠭᠡᠷᠡᠯ ᠭᠡᠭᠡ ᠰᠠᠶᠢᠳᠠᠢ ᠪᠠᠶᠢᠯᠭᠠᠪᠠᠯ ᠵᠤᠬᠢᠨ᠎ᠠ ᠭᠡᠳᠡᠭ ᠰᠠᠨᠠᠭᠤᠯᠭ᠎ᠠ ᠦᠭᠭᠦᠶ᠎ᠠ᠃ | ᠬᠦᠳᠡᠯᠭᠡᠭᠡᠨ ᠬᠢᠬᠦ ᠶᠢ ᠪᠠᠷᠢᠮᠳᠠᠯᠠᠪᠠᠯ ᠰᠠᠶᠢᠨ᠃ ᠭᠠᠷᠠᠭ ᠲᠤ 4 ᠤᠳᠠᠭ᠎ᠠ ᠭᠠᠳᠠᠨ᠎ᠠ ᠭᠠᠷᠴᠤ᠂ ᠰᠡᠯᠡᠭᠦᠴᠡᠨ | ᠠᠯᠬᠤᠬᠤ ᠵᠡᠷᠭᠡ ᠶᠢᠨ ᠬᠦᠩᠭᠡᠨ ᠬᠦᠳᠡᠯᠭᠡᠭᠡᠨ ᠬᠢᠪᠡᠯ ᠵᠤᠬᠢᠨ᠎ᠠ᠃ | ᠤᠷᠤᠨ ᠳᠠᠭᠠᠨ ᠤᠷᠤᠭᠠᠳ ᠨᠤᠮ ᠤᠩᠰᠢᠵᠤ ᠲᠧᠯᠧᠶᠢᠰ ᠦᠵᠡᠵᠦ ᠪᠤᠯᠬᠤ ᠦᠭᠡᠢ᠃ | ᠨᠦᠢᠷ ᠬᠦᠷᠦᠭᠡᠳ ᠤᠨᠳᠠᠮᠠᠷ ᠪᠤᠯᠪᠠᠯ ᠤᠷᠤᠨ ᠳᠠᠭᠠᠨ ᠤᠷᠤ᠂ ᠤᠷᠤᠨ ᠳᠠᠭᠠᠨ ᠤᠷᠤᠭᠠᠳ 20 ᠮᠢᠨᠦ᠋ᠲ | ᠪᠤᠯᠤᠭᠰᠠᠨ ᠪᠠᠶᠢᠳᠠᠯ᠎ᠠ ᠪᠠᠰᠠ ᠤᠨᠳᠠᠵᠤ ᠳᠡᠶᠢᠯᠦᠭᠰᠡᠨ ᠦᠭᠡᠢ ᠪᠠᠶᠢᠪᠠᠯ ᠪᠤᠰᠴᠤ ᠵᠠᠯᠬᠠᠭᠤ ᠬᠦᠷᠦᠮᠡᠷ ᠠᠵᠢᠯ ᠭᠢᠵᠦ | ᠨᠦᠢᠷ ᠬᠦᠷᠪᠠᠯ ᠤᠷᠤᠨ ᠳᠠᠭᠠᠨ ᠤᠷᠤᠭᠠᠷᠠᠢ᠃ | | ᠨᠠᠶᠢᠷᠠᠭᠤᠯᠤᠭᠴᠢ᠄ ᠰᠠᠴᠣᠷᠠ | |