ᠲᠦᠷᠦᠬᠦᠭᠡᠨ ᠲᠦᠷᠦ ᠶᠢᠨ ᠶᠠᠪᠣᠲᠠᠯ ᠤᠨ ᠬᠤᠷᠢᠶ᠎ᠠ ᠠᠴᠠ ︽ᠡᠷᠡᠬᠦᠯ ᠡᠩᠭᠡ ᠲᠣᠮᠲᠠᠲᠣ ᠣᠯᠣᠰ ᠤᠨ | ᠠᠵᠢᠯᠯᠠᠭ᠎ᠠ ᠶᠢ ᠬᠡᠷᠡᠭᠵᠢᠬᠦᠯᠬᠦ ᠲᠣᠬᠠᠢ ᠰᠠᠨᠠᠯ︾ ᠢ ᠲᠠᠷᠣᠮᠠᠯᠯᠠᠨ ᠲᠠᠷᠬᠠᠭᠠᠵᠦ᠂ ᠣᠲᠣᠷᠢᠳᠬᠤ ᠺᠠᠳ᠋ᠷᠴᠣᠳ᠂ | ᠡᠮᠨᠡᠯᠭᠡ ᠶᠢᠨ ᠠᠵᠢᠯᠲᠠᠳ ᠪᠣᠯᠣᠨ ᠪᠠᠭᠰᠢ ᠨᠠᠷ ᠵᠢᠱᠢᠶᠡᠴᠢ ᠲᠠᠭᠠᠭᠤᠯᠬᠤ ᠦᠢᠯᠡᠲᠦᠯ ᠢᠶᠠᠨ ᠪᠠᠲᠠᠷᠠᠭᠤᠯᠵᠦ᠂ ᠣᠯᠠᠨ | ᠨᠡᠶᠢᠲᠡ ᠶᠢᠨ ᠲᠠᠯᠠᠪᠣᠷ ᠲᠤ ᠲᠠᠮᠠᠬᠢ ᠲᠠᠲᠠᠵᠦ ᠪᠣᠯᠬᠤ ᠦᠭᠡᠢ ᠭᠡᠰᠡᠨ ᠪᠦᠭᠡᠳ ᠡᠯ᠎ᠡ ᠱᠠᠲᠣᠨ ᠤ ᠠᠯᠪᠠᠨ | ᠪᠠᠶᠢᠭᠤᠯᠭ᠎ᠠ ᠶᠢ ᠲᠠᠮᠠᠬᠢ ᠲᠠᠲᠠᠬᠤ ᠦᠭᠡᠢ ᠪᠠᠶᠢᠭᠤᠯᠭ᠎ᠠ ᠪᠣᠯᠭᠠᠨ ᠪᠦᠲᠦᠭᠡᠨ ᠪᠠᠶᠢᠭᠤᠯᠣᠨ᠎ᠠ ᠭᠡᠵᠦ ᠱᠠᠭᠠᠷᠲᠠᠪᠠ᠃ | ᠶᠡᠷᠦ ᠨᠢ ᠲᠠᠷᠤᠭ᠎ᠠ ᠣᠲᠣᠷᠢᠲᠣᠯᠭ᠎ᠠ ᠲᠠᠭᠠᠭᠤᠯᠣᠨ ᠲᠡᠮᠡᠬᠢ ᠲᠠᠲᠠᠬᠤ ᠶᠢ ᠬᠤᠷᠢᠬᠯᠠᠬᠤ ᠭᠡᠰᠡᠨ ᠰᠢᠢᠳᠪᠦᠷᠢ ᠶᠢᠨ | ᠴᠠᠭᠠᠨ᠎ᠠ ᠠᠴᠠ ᠪᠢᠲᠡ ᠲᠠᠮᠠᠬᠢᠨ ᠤ ᠠᠰᠠᠭᠤᠲᠠᠯ ᠲᠣᠯᠭᠠᠮ ᠴᠢᠬᠤᠯᠠ ᠪᠣᠯᠣᠬᠰᠠᠨ ᠢ ᠣᠬᠠᠵᠦ ᠮᠡᠲᠡᠵᠦ ᠪᠣᠯᠬᠤ ᠶᠣᠮ᠃ | | ᠠᠩᠬᠠᠷᠴᠦ ᠦᠵᠡᠪᠡᠯ᠂ ᠪᠢᠲᠡᠨ ᠤ ᠡᠷᠬᠢᠨ ᠲᠣᠭᠤᠷᠢᠨ ᠳᠤ ᠲᠡᠮᠡᠬᠢ ᠲᠠᠲᠠᠲᠠᠬ ᠬᠦᠮᠦᠨ ᠨᠡᠭᠡᠷᠡᠨ ᠮᠣᠩ ᠦᠭᠡᠢ | ᠃ ᠡᠬᠦᠨ ᠳᠤ ᠠᠨᠲᠠ ᠨᠦᠬᠦᠳ᠂ ᠠᠵᠢᠯ ᠨᠢᠭᠡᠲᠡᠨ᠂ ᠲᠦᠷᠦᠯ ᠰᠠᠲᠣᠨ᠂ ᠲᠠᠷᠤᠭ᠎ᠠ ᠣᠲᠣᠷᠢᠲᠣᠯᠭ᠎ᠠ ᠭᠡᠬᠦᠴᠢᠯᠡᠨ | ᠡᠯᠲᠡᠪ ᠠᠵᠢᠯ ᠲᠦᠷᠦᠯ ᠤᠨ ᠶᠢᠰᠦᠨ ᠶᠠᠩᠵᠦ ᠶᠢᠨ ᠬᠦᠮᠦᠨ ᠢ ᠪᠠᠭᠲᠠᠭᠠᠵᠦ᠂ ᠬᠤᠷᠢᠮ ᠬᠤᠷᠠᠯ᠂ ᠬᠤᠭᠤᠯᠠᠨ ᠰᠢᠷᠡᠭᠡ | ᠂ ᠬᠤᠲᠠᠯᠲᠤᠭ᠎ᠠ ᠲᠡᠯᠭᠡᠬᠦᠷ᠂ ᠠᠯᠪᠠᠨ ᠭᠡᠷ ᠁ ᠭᠡᠰᠡᠨ ᠦᠭᠡᠢ ᠭᠠᠰᠢᠭᠤᠨ ᠣᠲᠤᠭ᠎ᠠ ᠪᠠᠭᠠᠬᠢᠭᠤᠯᠵᠦ | ᠰᠠᠭᠤᠬᠰᠠᠳ ᠵᠦᠩᠲᠡᠭᠡᠨ ᠬᠠᠷᠠᠬᠲᠠᠨᠠ᠃ ᠵᠠᠭᠤᠴᠢᠯᠠᠭᠤᠷ ᠲᠤ ᠮᠡᠲᠡᠭᠡᠯᠡᠭᠰᠡᠨ ᠢ ᠦᠨᠳᠦᠰᠦᠯᠡᠪᠡᠯ᠂ ᠪᠦᠬᠦ | ᠲᠡᠯᠡᠭᠡᠢ ᠶᠢᠨ ᠲᠠᠮᠠᠬᠢ ᠲᠠᠲᠠᠬᠤ ᠬᠦᠮᠦᠨ ᠤ ᠲᠤᠭ᠎ᠠ ᠨᠢᠭᠡᠨᠲᠡ 3 ᠳ᠋ᠦᠩᠰᠢᠭᠤᠷ ᠢᠯᠡᠬᠦᠦ ᠪᠠᠷ ᠪᠦᠷᠢᠳᠭᠡᠬᠦᠯᠵᠦ᠂ 7. | 4 ᠳ᠋ᠦᠩᠰᠢᠭᠤᠷ ᠬᠦᠮᠦᠨ ᠲᠠᠮᠠᠬᠢᠨ ᠣᠲᠤᠭ᠎ᠠ ᠶᠢᠨ ᠲᠠᠯᠲᠠ ᠬᠤᠣᠷ ᠬᠦᠨᠦᠭᠡᠯ ᠢ ᠠᠮᠰᠠᠵᠦ ᠪᠠᠶᠢᠭ᠎ᠠ ᠠᠵᠢ᠃ | ᠲᠡᠮᠡᠬᠢ ᠲᠠᠲᠠᠬᠤ ᠨᠢ ᠡᠷᠡᠬᠦᠯ ᠮᠡᠨᠲᠦ ᠳᠤ ᠬᠤᠣᠷᠲᠠᠢ ᠬᠡᠰᠡᠨ ᠢ ᠬᠦᠮᠦᠨ ᠪᠣᠯᠭᠠᠨ ᠭᠡᠶᠢᠲᠡᠯ᠎ᠡ ᠮᠡᠲᠡᠲᠡᠭ᠃ | ᠭᠡᠪᠡᠴᠦ ᠪᠢᠲᠡ ᠣᠢᠢᠯᠠᠭᠠᠵᠦ ᠮᠡᠲᠡᠭᠰᠡᠨ ᠬᠢᠷᠢ ᠪᠠᠷ ᠦᠪᠡᠷ ᠢ ᠪᠠᠨ ᠱᠠᠭᠠᠷᠲᠠᠵᠦ ᠬᠢᠵᠦ ᠪᠡᠶᠡᠯᠡᠬᠦᠯᠵᠦ ᠴᠢᠲᠠᠲᠠᠬ | ᠦᠭᠡᠢ ᠬᠤᠶᠢᠨ᠎ᠠ ᠬᠡᠯᠡᠲᠡᠭ ᠨᠢ ᠬᠡᠯᠡᠲᠡᠭ ᠢᠶᠠᠷ ᠢᠶᠠᠨ᠂ ᠲᠠᠲᠠᠲᠠᠬ ᠨᠢ ᠮᠦᠨ ᠬᠦ ᠲᠠᠲᠠᠲᠠᠬ ᠭᠡᠪ ᠢᠶᠠᠷ ᠢᠶᠠᠨ᠃ ᠲᠡᠮᠡᠬᠢ | ᠲᠠᠲᠠᠬᠤ ᠬᠦᠮᠦᠨ ᠳᠤ ᠲᠠᠯᠠᠨ ᠲᠣᠯᠣᠭᠠᠨ ᠰᠢᠯᠲᠠᠬ ᠲᠣᠲᠠᠬᠤ ᠦᠭᠡᠢ ᠭᠡᠭᠴᠢ ᠦᠨᠡᠨ᠃ ᠵᠠᠷᠢᠮ ᠨᠢ ᠴᠠᠬ ᠨᠦᠭᠴᠢᠭᠡᠬᠦ | ᠭᠡᠵᠦ ᠴᠠᠭᠠᠰᠣᠨ ᠲᠠᠮᠠᠬᠢ ᠲᠠᠢ ᠨᠦᠬᠦᠷᠯᠡᠬᠦ ᠳᠤ᠂ ᠵᠠᠷᠢᠮ ᠨᠢ ᠬᠦᠨ ᠪᠣᠲᠣᠯᠭᠠᠰᠢᠷᠠᠯ ᠳᠤ ᠰᠢᠬᠢᠲᠦᠨ ᠭᠠᠰᠢᠭᠤᠨ | ᠣᠲᠤᠭ᠎ᠠ ᠪᠠᠷ ᠰᠡᠳᠬᠢᠯ ᠢᠶᠠᠨ ᠠᠷᠭᠠᠲᠠᠵᠤ᠂ ᠬᠠᠶᠠ ᠵᠠᠷᠢᠮ ᠨᠢ ᠪᠠᠰᠠ ᠰᠣᠨᠢᠭᠤᠴᠢ ᠵᠠᠩ ᠳᠠᠭᠠᠨ ᠬᠦᠲᠦᠯᠦᠭᠲᠡᠨ | ᠰᠣᠷᠴᠦ ᠲᠠᠲᠣᠬᠰᠠᠨ ᠣᠴᠢᠷᠲᠠᠢ᠃ ᠦᠨᠡᠨ ᠢ ᠬᠡᠯᠡᠪᠡᠯ᠂ ᠬᠡᠨ ᠲᠠᠮᠠᠬᠢ ᠲᠠᠲᠠᠬᠤ ᠡᠰᠡᠬᠦ ᠨᠢ ᠬᠤᠪᠢ ᠬᠦᠮᠦᠨ ᠤ | ᠡᠷᠭᠡ ᠴᠢᠯᠦᠭᠡ ᠶᠣᠮ᠃ ᠭᠡᠪᠡᠴᠦ ᠬᠠᠮᠢᠭ᠎ᠠ ᠶᠠᠮᠠᠷ ᠭᠠᠵᠠᠷ ᠲᠠᠮᠠᠬᠢ ᠲᠠᠲᠠᠬᠤ ᠨᠢ ᠣᠯᠠᠨ ᠬᠦᠮᠦᠨ ᠤ ᠡᠷᠡᠬᠦᠯ ᠮᠠᠨᠲᠣ᠂ | ᠣᠷᠴᠢᠨ ᠲᠣᠭᠤᠷᠢᠨ ᠳᠤ ᠬᠤᠯᠪᠣᠬᠲᠠᠬᠰᠠᠨ ᠶᠡᠭᠡ ᠠᠰᠠᠭᠤᠲᠠᠯ ᠪᠣᠯᠬᠤ ᠭᠡᠯᠲᠡᠢ᠃ ᠴᠡᠪᠡᠷ ᠲᠣᠩᠭᠠᠯᠠᠬ ᠠᠭᠠᠷ ᠢ | ᠴᠡᠭᠡᠵᠢ ᠲᠦᠬᠦᠷᠡᠩ ᠠᠮᠢᠰᠬᠤᠯᠯᠠᠬᠤ ᠪᠣᠯ ᠬᠦᠮᠦᠨ ᠪᠣᠯᠭᠠᠨ ᠤ ᠬᠦᠰᠡᠯ ᠡᠷᠡᠮᠡᠯᠵᠡᠯ᠂ ᠲᠡᠭᠡᠬᠦ ᠳᠡᠭᠡᠨ ᠲᠡᠮᠡᠬᠢ ᠶᠢ | ᠲᠡᠪᠴᠢᠵᠦ ᠬᠤᠷᠢᠬᠯᠠᠬᠤ ᠣᠷᠢᠶᠠᠯᠠᠭ᠎ᠠ ᠠᠯᠢ ᠡᠷᠲᠡ ᠲᠣᠷᠠᠲᠣᠬᠳᠠᠭᠰᠠᠨ ᠴᠦ ᠲᠣᠭᠤᠰᠢᠯᠠᠭᠤᠯᠵᠦ ᠪᠣᠲᠠᠲᠠᠶᠢᠵᠢᠭᠤᠯᠬᠤ | ᠠᠵᠢᠯ ᠠᠬᠢᠴᠠ ᠮᠠᠭᠤᠲᠠᠢ ᠦᠷᠬᠦᠯᠵᠢᠯᠡᠭᠰᠡᠭᠡᠷ ᠡᠳᠦᠭᠡ ᠪᠣᠯᠪᠠ᠃ | ᠡᠬᠦᠨ ᠤ ᠣᠴᠢᠷ ᠰᠢᠯᠲᠠᠭᠠᠨ ᠢ ᠣᠬᠤᠴᠢᠯᠠᠪᠠᠯ᠂ ᠨᠢᠭᠡ ᠲᠠᠯ᠎ᠠ ᠪᠠᠷ ᠲᠠᠮᠠᠬᠢ ᠲᠠᠲᠠᠬᠤ ᠶᠢ ᠨᠡᠷ᠎ᠡ ᠶᠢᠨ ᠲᠡᠲᠦᠢ | ᠲᠡᠪᠴᠢᠵᠦ ᠬᠤᠷᠢᠬᠯᠠᠬᠰᠠᠨ ᠪᠣᠯᠪᠠᠴᠦ ᠨᠦᠬᠦᠭᠡ ᠲᠠᠯ᠎ᠠ ᠪᠠᠷ ᠨᠢᠲᠦ ᠪᠠᠨ ᠠᠨᠢᠵᠦ᠂ ᠦᠯᠦ ᠦᠵᠡᠭᠰᠡᠨ ᠮᠡᠲᠦ | ᠠᠪᠣᠷᠢᠯᠠᠵᠦ ᠵᠠᠩᠰᠢᠬᠰᠠᠨ ᠳᠤ ᠪᠠᠶᠢᠬ᠎ᠠ⁈ ᠡᠬᠦᠨ ᠤ ᠣᠯᠠᠮ ᠢᠶᠠᠷ ᠬᠦᠮᠦᠰ ᠲᠡᠮᠡᠬᠢᠨ ᠬᠠᠶᠢᠷᠴᠠᠬ ᠲᠤ ᠲᠠᠷᠪᠠᠶᠢᠲᠠᠯᠠ | ᠪᠢᠴᠢᠵᠦ ᠪᠠᠶᠢᠭ᠎ᠠ ︽ᠡᠷᠡᠬᠦᠯ ᠮᠡᠨᠲᠦ ᠳᠤ ᠬᠤᠣᠷᠲᠠᠢ︾ ᠭᠡᠰᠡᠨ ᠬᠡᠲᠦᠨ ᠦᠰᠦᠭ ᠢ ᠦᠵᠡᠭᠰᠡᠨ ᠦᠭᠡᠢ ᠮᠡᠲᠦ | ᠦᠩᠭᠡᠷᠡᠬᠡᠵᠦ᠂ ᠵᠢᠯ ᠪᠣᠯᠭᠠᠨ ᠤ 5 ᠰᠠᠷ᠎ᠠ ᠶᠢᠨ 31 ᠤ ᠲᠠᠮᠠᠬᠢ ᠲᠠᠲᠠᠬᠤ ᠦᠭᠡᠢ ᠡᠳᠦᠷ ᠲᠤ᠂ ᠶᠠᠩ ᠳᠤᠨᠢ | ᠲᠠᠭᠠᠷᠠᠭᠤᠯᠵᠦ ᠶᠣᠰᠣᠨ ᠳᠤᠨᠢ ᠶᠣᠣᠯᠠᠬᠤ ᠲᠡᠲᠦᠢ ᠪᠣᠯᠣᠬᠰᠠᠨ ᠪᠢᠯᠡ᠃ ᠲᠡᠮᠡᠬᠢ ᠬᠤᠷᠢᠬᠯᠠᠬᠤ ᠰᠢᠢᠳᠪᠦᠷᠢ ᠭᠠᠷᠣᠯ᠎ᠠ᠂ | ᠲᠠᠷᠤᠭ᠎ᠠ ᠣᠲᠣᠷᠢᠲᠣᠯᠭ᠎ᠠ ᠲᠠᠭᠠᠭᠤᠯᠵᠦ ᠬᠢᠬᠦ ᠪᠠᠷ ᠱᠠᠭᠠᠷᠲᠠᠯᠠ᠃ ᠲᠠᠶᠠᠭᠠᠷ ᠢᠶᠠᠨ ᠬᠦᠲᠡᠯᠦᠯᠴᠡᠪᠡᠯ ᠨᠡᠩ ᠵᠣᠬᠢᠯᠲᠠᠢ | ᠰᠠᠨ᠃ | | | ᠢᠷᠡᠯᠲᠡ᠄ ᠦᠪᠤᠷ ᠮᠤᠩᠭᠤᠯ ᠤᠨ ᠡᠳᠤᠷ ᠤᠨ ᠰᠤᠨᠢᠨ | ᠪᠠᠭᠤᠯᠭᠠᠭᠰᠠᠨ ᠨᠢ᠄ ᠰᠠᠷᠠᠭᠤᠯ |