ᠴᠠᠭ ᠤᠨ ᠣᠷᠣᠰᠬᠠᠯ ᠢ ᠲᠠᠭᠠᠵᠦ ᠦᠪᠡᠷ ᠢ ᠪᠠᠨ ᠦᠴᠦᠬᠡᠨ ᠴᠣ᠋ ᠭᠡᠰᠡᠨ ᠲᠡᠭᠡᠭᠰᠢᠯᠡᠬᠦᠯᠦᠶ᠎ᠠ ᠬᠡᠰᠡᠨ ᠬᠦᠰᠡᠯ | ᠬᠡᠨ ᠳᠤ ᠴᠦ ᠪᠠᠶᠢᠳᠠᠭ᠃ ᠭᠡᠬᠦ ᠳᠤ ᠦᠪᠡᠷ ᠢ ᠪᠠᠨ ᠲᠡᠭᠡᠭᠰᠢᠯᠡᠬᠦᠯᠬᠦ ᠳᠤ ᠠᠷᠭ᠎ᠠ ᠪᠠᠷᠢᠯ ᠬᠡᠷᠡᠭᠳᠠᠢ᠃ ᠲᠠᠷᠠᠭ᠎ᠠ ᠶᠢᠨ | ᠲᠠᠪᠣᠨ ᠵᠦᠢᠯ ᠤᠨ ᠠᠷᠭ᠎ᠠ ᠨᠢ ᠲᠠᠨ ᠤ ᠦᠪᠡᠷ ᠢ ᠪᠠᠨ ᠲᠡᠭᠡᠭᠰᠢᠯᠡᠬᠦᠯᠬᠦ ᠳᠤ ᠮᠠᠰᠢ ᠲᠤᠰᠠᠲᠠᠢ ᠭᠡᠳᠡᠭ ᠢ ᠢᠲᠡᠭᠡᠵᠦ | ᠪᠠᠶᠢᠨ᠎ᠠ᠃ | ᠨᠢᠬᠡ᠂ ᠭᠤᠮᠣᠷᠬᠠᠬᠤ ᠪᠠᠨ ᠪᠣᠯᠢ᠃ ᠣᠳᠣ ᠶᠢᠨ ᠪᠠᠶᠢᠳᠠᠯ ᠬᠡᠳᠦᠢ ᠬᠦᠴᠢᠷ ᠪᠡᠷᠬᠡᠳᠠᠢ ᠪᠠᠶᠢᠭᠰᠠᠨ ᠴᠣ᠋᠂ | ᠡᠬᠦᠨ ᠢ ᠲᠠ ᠦᠪᠡᠷᠳᠡᠬᠡᠨ ᠪᠣᠢ ᠪᠣᠯᠭᠠᠭᠰᠠᠨ ᠪᠠᠶᠢᠳᠠᠭ᠃ ᠭᠤᠮᠣᠷᠬᠠᠬᠤ ᠨᠢ ᠪᠠᠶᠢᠳᠠᠯ ᠢᠶᠠᠨ ᠨᠡᠩ ᠬᠦᠨᠳᠣ ᠨᠣᠴᠢᠳᠠᠢ | ᠪᠣᠯᠭᠠᠬᠤ ᠪᠠᠷ ᠪᠠᠷᠠᠬᠤ ᠦᠭᠡᠢ᠂ ᠲᠠᠨ ᠳᠤ ᠶᠠᠮᠠᠷ ᠴᠦ ᠬᠤᠪᠢᠷᠠᠯᠳᠠ ᠶᠢ ᠠᠪᠴᠢᠷᠠᠬᠤ ᠦᠬᠡᠢ ᠶᠣᠮ᠃ ᠰᠡᠳᠬᠢᠴᠨ | ᠵᠦᠢ ᠳᠤ ᠡᠶᠢᠮᠦ ᠨᠢᠬᠡᠨ ᠣᠨᠣᠯ ᠪᠣᠢ᠄ ᠲᠠᠷᠣᠢ ᠠᠮᠢᠳᠣᠷᠠᠯ ᠤᠨ 10% ᠨᠢ ᠲᠠᠨ ᠤ ᠪᠡᠶ᠎ᠡ ᠲᠡᠭᠡᠷᠡᠬᠢ ᠬᠡᠷᠡᠭ | ᠶᠠᠪᠣᠳᠠᠯ ᠠᠴᠠ ᠪᠦᠷᠢᠯᠳᠦᠵᠦ᠂ ᠪᠣᠰᠣᠳ 90% ᠨᠢ ᠲᠠᠨ ᠤ ᠬᠡᠷᠡᠭ ᠶᠠᠪᠣᠳᠠᠯ ᠳᠤ ᠬᠠᠨᠳᠤᠭᠰᠠᠨ ᠣᠪᠣᠷ ᠠᠴᠠ | ᠰᠢᠯᠳᠠᠭᠠᠯᠠᠭᠳᠠᠨ᠎ᠠ ᠬᠡᠵᠦ ᠪᠣᠢ᠃ ᠡᠶᠢᠮᠦ ᠠᠴᠠ ᠶᠠᠮᠠᠷ ᠨᠢᠬᠡ ᠶᠠᠭᠤᠮᠠᠨ ᠳᠤ ᠭᠤᠮᠣᠷᠬᠠᠬᠤ ᠶᠢᠨ ᠣᠷᠣᠨ ᠳᠤ᠂ | ᠲᠣᠳᠠᠭᠤ ᠲᠣᠣᠭᠠᠷᠴᠦ᠂ ᠠᠮᠢᠳᠣᠷᠠᠯ ᠢᠶᠠᠨ ᠬᠤᠪᠢᠷᠠᠭᠤᠯᠬᠤ ᠶᠠᠮᠠᠷ ᠨᠢᠬᠡᠨ ᠵᠦᠢᠯ ᠢ ᠬᠢᠬᠦ ᠨᠢ ᠲᠦᠢᠯ ᠤᠨ ᠴᠢᠬᠤᠯᠨ | ᠶᠣᠮ᠃ ᠲᠣᠬᠠᠶᠢᠯᠠᠪᠠᠯ᠂ ᠬᠢᠨᠠᠮᠠᠭᠠᠢ ᠠᠵᠢᠯᠯᠠᠵᠦ᠂ ᠴᠢᠳᠠᠪᠣᠷᠢ ᠪᠠᠨ ᠲᠡᠭᠡᠭᠰᠢᠯᠡᠬᠦᠯᠬᠦ︔ ᠨᠣᠮ ᠣᠩᠰᠢᠵᠦ᠂ ᠮᠡᠳᠡᠯᠬᠡ | ᠬᠤᠷᠠᠮᠳᠣᠭᠤᠯᠣᠨ᠂ ᠰᠡᠳᠬᠢᠬᠦᠢ ᠪᠠᠨ ᠵᠣᠬᠢᠴᠠᠭᠤᠯᠬᠤ᠃ ᠲᠠᠨ ᠤ ᠬᠢᠭᠰᠡᠨ ᠣᠶᠢᠯᠨ ᠠᠵᠢᠯᠯᠠᠭ᠎ᠠ ᠪᠦᠲᠦᠮᠵᠢᠳᠠᠢ | ᠮᠦᠷᠳᠡᠬᠡᠨ ᠪᠣᠳᠠᠳᠠᠢ ᠪᠣᠯᠬᠤ ᠲᠣᠳᠣᠮ ᠠᠮᠢᠳᠣᠷᠠᠯ ᠤᠨ ᠪᠠᠶᠢᠳᠠᠯ ᠲᠦᠷᠬᠡᠨ ᠢᠶᠠᠷ ᠵᠦᠪ ᠵᠠᠮ ᠳᠠᠭᠠᠨ ᠣᠷᠣᠵᠦ᠂ | ᠡᠳᠦᠷ ᠠᠴᠠ ᠡᠳᠦᠷ ᠰᠠᠶᠢᠨ ᠪᠣᠯᠬᠤ ᠶᠣᠮ᠃ | ᠬᠤᠶᠠᠷ᠂ ᠬᠤᠶᠢᠷᠭᠤᠰᠢᠨ ᠬᠤᠶᠢᠰᠢᠯᠠᠭᠤᠯᠬᠤ ᠶᠢ ᠲᠡᠪᠴᠢᠬᠡᠷᠠᠢ᠃ ᠰᠦᠯᠵᠢᠶᠠᠨ ᠲᠡᠭᠡᠷ᠎ᠡ ᠨᠢᠬᠡᠨ ᠵᠢᠷᠤᠭ | ᠪᠠᠶᠢᠳᠠᠭ᠂ ᠲᠤᠬᠠᠶᠢᠯᠠᠪᠠᠯ᠄ ᠪᠣᠰᠣᠳ ᠬᠦᠮᠦᠨ ᠤ ᠠᠵᠢᠯᠯᠠᠬᠤ ᠠᠷᠭ᠎ᠠ ᠪᠠᠷᠢᠯ ᠨᠢ ᠲᠦᠯᠦᠪᠯᠡᠬᠦ ᠠᠴᠠ ᠬᠡᠷᠡᠭᠵᠢᠬᠦᠯᠬᠦ᠂ | ᠵᠠᠰᠠᠬᠤ᠂ ᠵᠦᠪᠳᠡᠯᠴᠡᠬᠦ᠂ ᠲᠦᠰᠦᠪ ᠲᠣᠭᠳᠠᠭᠠᠬᠤ᠂ ᠪᠡᠶᠡᠯᠡᠬᠦᠯᠬᠦ ᠵᠡᠷᠬᠡ ᠨᠢᠬᠡ ᠨᠢᠬᠡ ᠠᠯᠬᠤᠮ ᠢᠶᠠᠷ | ᠵᠠᠷᠴᠢᠮᠵᠢᠭᠤᠯᠣᠨ ᠬᠢᠵᠦ ᠪᠠᠶᠢᠬᠤ ᠳᠤ᠂ ᠲᠠᠨ ᠤ ᠠᠵᠢᠯᠯᠠᠬᠤ ᠠᠷᠭ᠎ᠠ ᠪᠠᠷᠢᠯ ᠨᠢ ᠣᠯᠠᠩᠬᠢ ᠴᠠᠭ ᠢᠶᠠᠨ ᠵᠤᠭ᠎ᠠ | ᠴᠡᠩᠬᠡᠬᠦᠨ ᠳᠤ ᠠᠰᠢᠭᠯᠠᠵᠦ᠂ ᠲᠣᠭᠳᠠᠭᠰᠠᠨ ᠡᠳᠦᠷ ᠨᠢ ᠣᠶᠢᠷᠠᠳᠣᠬᠤ ᠳᠤ ᠰᠠᠶ᠋ᠢ ᠣᠳᠣ ᠬᠢᠬᠦ ᠦᠬᠡᠢ ᠪᠣᠯ ᠠᠮᠵᠢᠬᠤ | ᠦᠬᠡᠢ ᠪᠣᠯᠣᠭᠰᠠᠨ ᠬᠡᠮᠡᠨ ᠪᠠᠴᠢᠮᠳᠠᠵᠦ ᠰᠣᠴᠢᠭᠰᠠᠨ ᠰᠡᠳᠬᠢᠯᠬᠡ ᠪᠠᠷ ᠠᠵᠢᠯ ᠪᠡᠶᠡᠯᠡᠭᠦᠯᠬᠦ᠃ ᠬᠤᠶᠢᠰᠢᠯᠠᠭᠤᠯᠬᠤ | ᠲᠠᠳᠬᠠᠯ ᠨᠢ ᠬᠦᠮᠦᠨ ᠤ ᠵᠣᠯ ᠵᠢᠷᠭᠠᠯ ᠢ ᠶᠡᠬᠡᠬᠡᠨ ᠨᠦᠯᠦᠬᠡᠯᠡᠳᠡᠭ᠂ ᠦᠪᠡᠷ ᠢ ᠪᠠᠨ ᠲᠡᠭᠡᠭᠰᠢᠯᠡᠬᠦᠯᠬᠦ ᠳᠤ ᠵᠠᠪᠠᠯ | ᠬᠤᠶᠢᠰᠢᠯᠠᠭᠤᠯᠬᠤ ᠲᠠᠳᠬᠠᠯ ᠢ ᠲᠡᠪᠴᠢᠵᠦ ᠣᠷᠬᠢᠬᠤ ᠬᠡᠷᠡᠭᠳᠠᠢ ᠶᠣᠮ᠃ ᠲᠠ ᠲᠠᠪᠣᠨ ᠮᠢᠨᠦ᠋ᠲ ᠤᠨ ᠵᠢᠮ᠎ᠠ ᠶᠢ | ᠲᠣᠷᠰᠢᠵᠦ ᠦᠵᠡᠬᠡᠷᠠᠢ᠃ ᠶᠠᠭᠤ ᠴᠣ᠋ ᠬᠢᠬᠦ ᠲᠣᠷ᠎ᠠ ᠦᠬᠡᠢ ᠦᠶ᠎ᠡ ᠳᠤ᠂ ᠲᠠᠪᠣᠨ ᠮᠢᠨᠦ᠋ᠲ ᠣᠷᠢᠳᠴᠢᠯᠠᠵᠦ ᠬᠢᠬᠦ ᠶᠢ | ᠲᠣᠷᠰᠢᠭᠠᠷᠠᠢ᠃ ᠡᠨᠡ ᠬᠦ ᠣᠬᠤᠷᠬᠠᠨ ᠲᠠᠪᠣᠨ ᠮᠢᠨᠦ᠋ᠲ ᠲᠠᠨ ᠤ ᠠᠵᠢᠯ ᠰᠣᠷᠣᠯᠭ᠎ᠠ ᠶᠢ ᠬᠡᠪ ᠤᠨ ᠪᠠᠶᠢᠳᠠᠯ ᠳᠤ | ᠣᠷᠣᠭᠤᠯᠵᠦ ᠴᠢᠳᠠᠬᠤ ᠶᠣᠮ᠃ ᠬᠡᠷᠪᠡ ᠡᠬᠢᠯᠡᠬᠦᠯᠳᠡᠭ ᠯᠨ ᠶᠣᠮ ᠪᠣᠯ ᠠᠮᠵᠢᠯᠳᠠ ᠶᠢᠨ ᠬᠠᠭᠠᠰ ᠲᠤ ᠬᠦᠷᠦᠭᠰᠡᠨ | ᠬᠡᠰᠡᠨ ᠦᠬᠡ᠃ ᠮᠦᠨ ᠴᠣ᠋ ᠭᠠᠷ ᠣᠳᠠᠰᠣ ᠮᠡᠳᠣ ᠶᠢᠨ ᠠᠩᠬᠠᠷᠣᠯ ᠰᠠᠷᠨᠢᠭᠤᠯᠬᠤ ᠵᠦᠢᠯ ᠠᠴᠠ ᠰᠠᠯᠵᠦ᠂ ᠭᠠᠭᠴᠠ | ᠬᠤᠷᠣᠮ ᠤᠨ ᠠᠩᠬᠠᠷᠣᠯ ᠢ ᠲᠡᠰᠪᠣᠷᠢᠯᠡᠭᠰᠡᠨ ᠤ ᠰᠡᠬᠦᠯᠡᠷ ᠦᠪᠡᠷ ᠢ ᠪᠠᠨ ᠱᠠᠩᠨᠠᠨ ᠵᠣᠷᠢᠭᠵᠢᠭᠤᠯᠪᠠᠯ᠂ ᠲᠠᠷᠠᠭ᠎ᠠ | ᠣᠳᠠᠭ᠎ᠠ ᠠᠩᠬᠠᠷᠣᠯ ᠲᠦᠪᠯᠡᠷᠡᠬᠦᠯᠬᠦ ᠦᠶᠡᠰ ᠲᠡᠶᠢᠮᠦ ᠬᠦᠴᠢᠷ ᠰᠠᠨᠠᠭᠳᠠᠬᠤ ᠦᠬᠡᠢ ᠪᠣᠯᠣᠨ᠎ᠠ᠃ | ᠭᠤᠷᠪᠠ᠂ ᠪᠡᠶ᠎ᠡ ᠪᠠᠨ ᠴᠢᠭᠢᠷᠠᠭᠵᠢᠭᠤᠯᠬᠤ᠃ ᠬᠡᠷᠪᠡ ᠲᠠ ᠦᠪᠡᠷ ᠢ ᠪᠠᠨ ᠶᠠᠭᠤ ᠴᠣ᠋ ᠪᠢᠰᠢ ᠬᠡᠮᠡᠨ ᠦᠵᠡᠵᠦ᠂ | ᠠᠮᠢᠳᠣᠷᠠᠯ ᠳᠠᠭᠠᠨ ᠲᠦᠭᠦᠷᠡᠩ ᠭᠤᠮᠣᠷᠬᠠᠯ ᠲᠠᠢ ᠪᠠᠶᠢᠪᠠᠯ ᠪᠡᠶ᠎ᠡ ᠪᠠᠨ ᠴᠢᠬᠢᠷᠠᠭᠵᠢᠭᠤᠯᠵᠦ ᠪᠠᠢ᠃ ᠨᠢᠬᠡ ᠦᠶ᠎ᠡ ᠪᠡᠶ᠎ᠡ | ᠪᠠᠨ ᠴᠢᠬᠢᠷᠠᠭᠵᠢᠭᠤᠯᠬᠤ ᠶᠢ ᠪᠠᠷᠢᠮᠳᠠᠯᠠᠪᠠᠯ᠂ ᠠᠮᠢᠳᠣᠷᠠᠯ ᠲᠠᠨᠢ ᠬᠤᠪᠢᠷᠠᠯᠲᠠ ᠭᠠᠷᠤᠭᠰᠠᠨ ᠬᠡᠳᠡᠭ ᠢ ᠮᠡᠳᠡᠷᠡᠬᠦ ᠶᠣᠮ᠃ | ᠲᠠᠨ ᠤ ᠪᠢᠷ᠎ᠠ ᠲᠡᠩᠬᠡᠬᠡ ᠨᠡᠮᠡᠭᠳᠡᠵᠦ᠂ ᠵᠢᠷᠣᠬᠡ ᠠᠭᠤᠰᠬᠢ ᠲᠠᠮᠢᠷᠵᠢᠨ᠂ ᠦᠬᠡ ᠬᠡᠯᠡᠵᠦ ᠣᠶᠢᠯᠨ ᠬᠢᠬᠦ ᠳᠤ | ᠬᠦᠴᠢᠷᠳᠡᠬᠦ ᠦᠬᠡᠢ ᠪᠣᠯᠬᠤ ᠶᠣᠮ︔ ᠰᠦᠷ ᠰᠦᠯᠳᠡ ᠲᠠᠢ ᠪᠣᠯᠵᠦ᠂ ᠠᠩᠬᠠᠷᠣᠯ ᠢᠶᠠᠨ ᠲᠦᠪᠯᠡᠷᠡᠬᠦᠯᠬᠦ ᠴᠠᠭ ᠴᠣ᠋ | ᠣᠷᠳᠣᠳᠣᠨ᠂ ᠠᠵᠢᠯ ᠰᠣᠷᠣᠯᠭ᠎ᠠ ᠶᠢᠨ ᠠᠯᠢ ᠨᠢ ᠴᠣ᠋ ᠬᠡᠰᠡᠨ ᠪᠦᠲᠦᠮᠵᠢᠳᠠᠢ ᠪᠣᠯᠣᠨ᠎ᠠ︔ ᠪᠡᠶ᠎ᠡ ᠪᠢᠯᠳᠠᠷ ᠰᠠᠶᠢᠵᠢᠷᠠᠪᠠᠯ | ᠦᠪᠡᠷ ᠢ ᠪᠠᠨ ᠣᠯᠠᠮ ᠠᠴᠠ ᠣᠯᠠᠮ ᠬᠠᠶᠢᠷᠠᠯᠠᠬᠤ ᠪᠣᠯᠣᠨ᠎ᠠ᠃ ᠵᠦᠪᠬᠡᠨ ᠦᠪᠡᠷ ᠢ ᠪᠠᠨ ᠦᠬᠡᠷᠡᠴᠢᠯᠡᠵᠦ ᠡᠬᠢᠯᠡᠪᠡᠯ | ᠲᠠᠨ ᠤ ᠪᠡᠶ᠎ᠡ ᠰᠡᠳᠬᠢᠯ᠂ ᠠᠮᠢᠳᠣᠷᠠᠯ ᠪᠦᠬᠦᠳᠡ ᠰᠠᠶᠢᠨ ᠵᠦᠭ ᠴᠢᠭᠯᠡᠬᠦ ᠶᠣᠮ᠃ | ᠲᠦᠷᠪᠡ᠂ ᠦᠪᠡᠷ ᠢ ᠪᠠᠨ ᠬᠢᠨᠠᠭᠠᠷᠠᠢ᠃ ᠰᠦᠨᠢ ᠪᠣᠯᠭᠠᠨ ᠣᠨᠳᠠᠬᠤ ᠠᠴᠠ ᠪᠠᠨ ᠡᠮᠦᠨ᠎ᠡ᠂ ᠦᠪᠡᠷ ᠢ ᠪᠠᠨ | ᠪᠦᠷᠢᠮᠦᠰᠦᠨ ᠨᠠᠮᠵᠢᠭᠤᠨ ᠪᠠᠶᠢᠳᠠᠯ ᠳᠤ ᠲᠠᠯᠪᠢᠵᠦ᠂ ᠲᠣᠬᠠᠢ ᠶᠢᠨ ᠡᠳᠦᠷ ᠤᠨ ᠠᠵᠢᠯ ᠰᠤᠷᠤᠯᠭ᠎ᠠ᠂ ᠬᠦᠮᠦᠨ ᠲᠠᠢ | ᠬᠠᠷᠢᠯᠴᠠᠭᠰᠠᠨ ᠲᠠᠯ᠎ᠠ ᠪᠠᠷ ᠶᠠᠮᠠᠷ ᠨᠢᠬᠡᠨ ᠵᠣᠬᠢᠰ ᠦᠬᠡᠢ ᠵᠦᠢᠯ ᠪᠠᠶᠢᠬᠤ ᠪᠠᠨ ᠰᠡᠳᠬᠢᠬᠡᠷᠠᠢ᠃ ᠬᠡᠷᠪᠡ ᠡᠨᠡ ᠡᠳᠦᠷ | ᠲᠠᠨ ᠤ ᠣᠷᠮ᠎ᠠ ᠰᠡᠳᠬᠢᠯ ᠢ ᠨᠦᠯᠦᠬᠡᠯᠡᠭᠰᠡᠨ ᠬᠡᠷᠡᠭ ᠡᠬᠦᠰᠦᠭᠰᠡᠨ ᠪᠣᠯ ᠦᠪᠡᠷ ᠤᠨ ᠣᠶᠢᠯᠨ ᠠᠵᠢᠯᠯᠠᠭ᠎ᠠ ᠶᠢᠨ ᠢᠶᠠᠨ | ᠵᠣᠬᠢᠰ ᠲᠠᠢ ᠡᠰᠡᠬᠦ᠂ ᠵᠠᠷᠴᠢᠮ ᠠᠴᠠ ᠪᠠᠨ ᠲᠡᠷᠰᠯᠡᠭᠰᠡᠨ ᠡᠰᠡᠬᠦ᠂ ᠪᠣᠰᠣᠳ ᠬᠦᠮᠦᠨ ᠢ ᠶᠠᠮᠠᠷ ᠨᠢᠬᠡᠨ ᠬᠡᠮᠵᠢᠶᠠᠨ ᠳᠤ | ᠰᠡᠪᠳᠣᠭᠡᠭᠰᠡᠨ ᠡᠰᠡᠬᠦ ᠲᠣᠬᠠᠢ ᠪᠣᠳᠣᠯᠬᠢᠯᠠᠭᠠᠷᠠᠢ᠃ ᠦᠪᠡᠷ ᠢ ᠪᠠᠨ ᠬᠢᠨᠠᠵᠦ ᠴᠢᠳᠠᠪᠠᠯ ᠰᠠᠶ᠋ᠢ ᠦᠪᠡᠷ ᠤᠨ ᠢᠶᠠᠨ | ᠰᠠᠶᠢᠨ ᠲᠠᠢ ᠲᠠᠯ᠎ᠠ᠂ ᠲᠣᠳᠠᠭᠳᠠᠯ ᠲᠠᠢ ᠲᠠᠯ᠎ᠠ ᠶᠢ ᠣᠯᠵᠦ ᠮᠡᠳᠡᠬᠦ ᠶᠣᠮ᠃ ᠣᠶᠣᠨᠯᠢᠭ ᠮᠦᠷᠳᠡᠬᠡᠨ ᠪᠣᠰᠣᠳᠴᠢ | ᠲᠠᠯ᠎ᠠ ᠠᠴᠠ ᠥᠪᠡᠷ ᠤᠨ ᠳᠤ ᠪᠠᠨ ᠬᠠᠨᠳᠣᠬᠤ ᠨᠢ ᠦᠪᠡᠷ ᠢ ᠪᠠᠨ ᠲᠡᠭᠡᠭᠰᠢᠯᠡᠬᠦᠯᠬᠦ ᠣᠷᠢᠳᠠᠯ ᠪᠣᠯᠣᠨ᠎ᠠ᠃ ᠨᠢᠬᠡ | ᠬᠦᠮᠦᠨ ᠬᠡᠷᠪᠡ ᠥᠪᠡᠷ ᠢ ᠪᠠᠨ ᠲᠣᠳᠣᠷᠬᠠᠢ ᠣᠶᠢᠯᠠᠭᠠᠪᠠᠯ ᠰᠠᠶ᠋ᠢ ᠵᠢᠭᠤᠷᠭᠠᠨ᠂ ᠲᠦᠭᠡᠷᠢᠯ᠂ ᠴᠢᠬᠤᠯᠳᠠᠯ ᠠᠴᠠ ᠰᠠᠯᠵᠦ | ᠴᠢᠳᠠᠨ᠂ ᠰᠢᠨ᠎ᠡ ᠲᠠᠪᠠᠯᠳᠠ ᠶᠢ ᠪᠡᠶᠡᠯᠡᠬᠦᠯᠬᠦ ᠪᠣᠯᠣᠨ᠎ᠠ᠃ | ᠲᠠᠪᠤ᠂ ᠰᠢᠨ᠎ᠡ ᠮᠡᠷᠬᠡᠵᠢᠯ ᠢ ᠰᠣᠷᠣᠯᠴᠠᠭᠠᠷᠠᠢ᠃ ᠦᠪᠡᠷ ᠢ ᠪᠠᠨ ᠲᠡᠪᠰᠢᠬᠦᠯᠬᠦ ᠬᠠᠮᠤᠭ ᠤᠨ ᠪᠦᠲᠦᠮᠵᠢᠳᠠᠢ | ᠠᠷᠭ᠎ᠠ ᠪᠣᠯ ᠰᠢᠨ᠎ᠡ ᠮᠡᠷᠬᠡᠵᠢᠯ ᠢ ᠰᠣᠷᠣᠯᠴᠠᠬᠤ ᠶᠠᠪᠣᠳᠠᠯ ᠪᠣᠯᠣᠨ᠎ᠠ᠃ ᠲᠠ ᠵᠢᠯ ᠪᠦᠷᠢ ᠨᠢᠬᠡ ᠵᠦᠢᠯ ᠤᠨ ᠰᠢᠨ᠎ᠡ | ᠮᠡᠷᠬᠡᠵᠢᠯ ᠢ ᠰᠣᠷᠣᠯᠴᠠᠬᠤ ᠶᠢ ᠲᠣᠷᠰᠢᠵᠦ ᠦᠵᠡᠬᠡᠷᠠᠢ᠃ ᠲᠢᠭ ᠠᠴᠠ ᠡᠬᠢᠯᠡᠨ ᠰᠣᠷᠣᠯᠴᠠᠵᠦ᠂ ᠲᠡᠬᠦᠨ ᠢ ᠪᠠᠨ | ᠲᠠᠩᠳᠠ ᠲᠠᠪᠳᠠᠨ᠂ ᠵᠢᠯ ᠤᠨ ᠡᠴᠦᠰ ᠪᠣᠯᠵᠦ ᠳ᠋ᠦᠩᠨᠡᠬᠦ ᠦᠶᠡᠰ ᠥᠪᠡᠷ ᠢ ᠪᠠᠨ ᠮᠠᠰᠢ ᠶᠡᠭᠡ ᠲᠠᠪᠰᠢᠯᠳᠠ ᠲᠠᠢ | ᠪᠣᠯᠣᠭᠰᠠᠨ ᠢ ᠮᠡᠳᠡᠷᠡᠬᠦ ᠶᠣᠮ᠃ ᠨᠢᠬᠡ ᠰᠢᠨ᠎ᠡ ᠮᠡᠷᠬᠡᠵᠢᠯ ᠢ ᠰᠣᠷᠣᠯᠴᠠᠬᠤ ᠨᠢ ᠴᠠᠭ ᠢ ᠨᠡᠩ ᠪᠦᠲᠦᠮᠵᠢᠳᠠᠢ | ᠠᠰᠢᠭᠯᠠᠵᠦ ᠴᠢᠳᠠᠬᠤ ᠪᠠᠷ ᠪᠠᠷᠠᠬᠤ ᠦᠬᠡᠢ ᠦᠪᠡᠷ ᠤᠨ ᠢᠳᠡᠬᠡᠯ ᠵᠣᠷᠢᠭ ᠢ ᠬᠦᠪᠴᠢᠯᠡᠵᠦ ᠴᠢᠳᠠᠬᠤ ᠶᠣᠮ᠃ ᠵᠢᠷᠤᠭ | ᠵᠢᠷᠣᠬᠤ᠂ ᠣᠷᠠᠨ ᠪᠢᠴᠢᠯᠬᠡ ᠪᠢᠴᠢᠬᠦ᠂ ᠭᠠᠷ ᠣᠷᠠᠯᠠᠯ ᠬᠢᠬᠦ᠂ ᠪᠢᠴᠢᠯ ᠸᠢᠳᠢᠣ᠋ ᠵᠢᠷᠣᠭᠯᠠᠬᠤ᠂ ᠵᠢᠷᠤᠭ ᠰᠡᠬᠦᠳᠡᠷ | ᠲᠠᠳᠠᠬᠤ ᠵᠡᠷᠬᠡ ᠪᠣᠢ᠃ ᠬᠡᠷᠪᠡ ᠲᠠ ᠰᠣᠷᠣᠯᠴᠠᠬᠤ ᠲᠣᠷᠠᠳᠠᠢ ᠯᠡ ᠶᠣᠮ ᠪᠦᠬᠦ ᠶᠠᠭᠤᠮ᠎ᠠ ᠪᠡᠯᠡᠨ ᠪᠠᠶᠢᠭ᠎ᠠ ᠶᠣᠮ᠃ | ᠬᠡᠪᠡᠴᠦ᠂ ᠨᠢᠬᠡ ᠯᠨ ᠲᠣᠣᠷ᠎ᠠ ᠪᠦᠬᠦᠨ ᠢ ᠰᠣᠷᠬᠤ ᠬᠡᠳᠡᠭ ᠲᠤ ᠭᠤᠷᠢᠳᠠᠵᠦ ᠪᠣᠯᠬᠤ ᠦᠬᠡᠢ ᠬᠡᠳᠡᠭ ᠢ ᠴᠡᠬᠡᠵᠢᠯᠡᠬᠡᠷᠠᠢ᠃ | | | | ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠷᠠᠳᠢᠣ᠋ ᠨᠡᠪᠲᠡᠷᠡᠭᠦᠯᠭᠡ ᠶᠢᠨ ᠰᠦᠯᠵᠢᠶ᠎ᠡ | ᠪᠠᠭᠤᠯᠭᠠᠭᠰᠠᠨ ᠨᠢ᠄ ᠰᠠᠷᠠᠭᠤᠯ |