ᠰᠢᠲᠤ ᠪᠠᠨ ᠤᠬᠢᠶᠠᠬᠤ︖᠂ ᠠᠮᠠ ᠪᠠᠨ ᠵᠠᠶᠢᠯᠠᠬᠤ︖ ᠰᠢᠲᠤ ᠪᠠᠨ ᠰᠢᠬᠢᠴᠢᠯᠡᠬᠦ︖
ᠨᠡᠶᠢᠲᠡᠯᠡᠭᠰᠡᠨ ᠴᠠᠭ᠄
2019-11-15
      ᠰᠢᠲᠤ ᠪᠠᠨ ᠤᠬᠢᠶᠠᠬᠤ︖᠂ ᠠᠮᠠ ᠪᠠᠨ ᠵᠠᠶᠢᠯᠠᠬᠤ︖ ᠰᠢᠲᠤ ᠪᠠᠨ ᠰᠢᠬᠢᠴᠢᠯᠡᠬᠦ︖       ᠠᠯᠢ ᠨᠢ ᠨᠡᠩ ᠰᠠᠶᠢᠨ ᠪᠤᠢ︖ ᠰᠠᠨᠠᠭᠠᠨ ᠠᠴᠠ ᠭᠠᠳᠠᠭᠤᠷ ᠬᠠᠷᠢᠭᠤᠯᠳᠠ ᠠᠳᠡ ᠪᠤᠢ      1᠂ ᠰᠢᠲᠦ ᠪᠠᠨ ᠤᠬᠢᠶᠠᠬᠤ      ᠰᠢᠲᠦ ᠪᠠᠨ ᠤᠬᠢᠶᠠᠬᠤ ᠪᠤᠯ ᠰᠢᠲᠦᠨ ᠤ ᠪᠠᠺᠲ᠋ᠧᠷᠢ ᠶᠢ ᠠᠷᠢᠯᠭᠠᠬᠤ ᠬᠠᠮᠤᠭ ᠤᠨ ᠦᠨᠳᠦᠰᠦᠨ ᠠᠷᠭ᠎ᠠ ᠮᠦᠨ᠃ ᠲᠡᠷᠡ ᠨᠢ ᠠᠮᠠᠨ ᠤ ᠬᠦᠨᠳᠡᠢ ᠶᠢ ᠪᠦᠬᠦ ᠲᠠᠯ᠎ᠠ ᠪᠠᠷ ᠴᠡᠪᠡᠷᠯᠡᠬᠦ ᠲᠠᠪᠠᠭᠤᠯᠢᠭ ᠤᠨᠴᠠᠯᠢᠭ ᠲᠠᠢ᠃ ᠭᠡᠳᠡᠯ᠎ᠡ ᠲᠡᠷᠡ ᠨᠢ ᠴᠠᠭ ᠵᠠᠷᠤᠴᠠᠭᠤᠯᠬᠤ ᠮᠥᠷᠲᠡᠭᠡᠨ ᠴᠠᠭ ᠪᠤᠯᠤᠨ ᠭᠠᠵᠠᠷ ᠤᠷᠤᠨ ᠤ ᠬᠢᠵᠠᠭᠠᠷᠯᠠᠯ ᠲᠠᠢ ᠪᠠᠶᠢᠳᠠᠭ᠃      2᠂ ᠠᠮᠠ ᠪᠠᠨ ᠵᠠᠶᠢᠯᠠᠬᠤ      ᠬᠤᠭᠤᠯᠠᠨ ᠤ ᠲᠠᠷᠠᠭ᠎ᠠ ᠲᠠᠷᠦ᠋ᠢᠬᠠᠨ ᠠᠮᠠ ᠪᠠᠨ ᠵᠠᠶᠢᠯᠠᠬᠤ ᠨᠢ ᠠᠮᠠᠨ ᠤ ᠬᠦᠨᠳᠡᠢ ᠲᠤᠳᠤᠷᠠᠬᠢ ᠢᠳᠡᠭᠡᠨ ᠤᠮᠳᠠᠭᠠᠨ ᠤ ᠦᠯᠡᠳᠡᠭᠳᠡᠯ ᠪᠤᠳᠠᠰ ᠢ ᠴᠡᠪᠡᠷᠯᠡᠵᠦ᠂ ᠠᠮᠠᠨ ᠤ ᠬᠦᠨᠳᠡᠢ ᠶᠢᠨ ᠪᠠᠺᠲ᠋ᠧᠷᠢ ᠶᠢ ᠬᠠᠷᠢᠴᠠᠩᠭᠤᠢ ᠪᠠᠷ ᠪᠠᠭᠠᠰᠬᠠᠵᠤ ᠳᠡᠶᠢᠯᠦᠨ᠎ᠡ᠃ ᠭᠡᠳᠡᠯ᠎ᠡ ᠦᠭᠡᠷ᠎ᠡ ᠴᠠᠭ ᠲᠤ ᠪᠣᠯ ᠠᠮᠠ ᠪᠠᠨ ᠵᠠᠶᠢᠯᠠᠬᠤ ᠨᠢ ᠳᠡᠮᠡᠢ ᠲᠤᠰᠠ ᠪᠣᠯᠵᠤ ᠴᠢᠳᠠᠳᠠᠭ ᠦᠭᠡᠢ ᠶᠤᠮ ᠪᠠᠶᠢᠨ᠎ᠠ᠃ ᠠᠮᠠ ᠪᠠᠨ ᠵᠠᠶᠢᠯᠠᠬᠤ ᠨᠢ ᠲᠦᠬᠦᠮᠬᠡᠨ ᠪᠠᠶᠢᠵᠤ᠂ ᠬᠢᠵᠠᠭᠠᠷᠯᠠᠭᠳᠠᠮᠠᠯ ᠴᠢᠨᠠᠷ ᠢᠶᠠᠷ ᠪᠠᠭ᠎ᠠ ᠪᠠᠶᠢᠳᠠᠭ᠃ ᠭᠡᠳᠡᠯ᠎ᠡ ᠪᠦᠷᠢᠮᠦᠰᠦᠨ ᠰᠢᠲᠦ ᠶᠢ ᠴᠡᠪᠡᠷᠯᠡᠵᠦ ᠲᠡᠶᠢᠯᠬᠦ ᠦᠭᠡᠢ᠃ ᠪᠠᠶᠢᠩᠭᠤ ᠡᠶᠢᠮᠦᠷᠬᠦᠦ ᠠᠷᠭ᠎ᠠ ᠶᠢ ᠬᠡᠷᠡᠭᠯᠡᠬᠦ ᠨᠢ ᠵᠤᠬᠢᠰ ᠦᠭᠡᠢ ᠪᠠᠶᠢᠳᠠᠭ᠃      3᠂ ᠰᠢᠲᠦᠨ ᠤ ᠤᠳᠠᠰᠤ      ᠰᠢᠲᠦ ᠪᠠᠨ ᠤᠬᠢᠶᠠᠬᠤ ᠦᠶᠡᠰ ᠰᠢᠲᠦᠨ ᠤ ᠱᠤᠸᠠᠰᠠ ᠶᠢᠨ ᠦᠰᠦ ᠨᠢ ᠰᠢᠲᠦᠨ ᠤ ᠵᠠᠪᠰᠠᠷ ᠲᠤ ᠤᠷᠤᠵᠤ ᠲᠡᠶᠢᠯᠬᠦ ᠦᠭᠡᠢ ᠠᠴᠠ ᠪᠤᠯᠵᠤ ᠭᠦᠢᠴᠡᠳ ᠴᠡᠪᠡᠷᠯᠡᠵᠦ ᠴᠢᠳᠠᠬᠤ ᠦᠭᠡᠢ ᠪᠠᠶᠢᠳᠠᠭ᠃ ᠡᠭᠦᠨ ᠳᠤ ᠰᠢᠲᠦᠨ ᠤ ᠤᠳᠠᠰᠤ ᠶᠢ ᠵᠦᠪ ᠰᠠᠶᠢᠬᠠᠨ ᠬᠡᠷᠡᠭᠯᠡᠪᠡᠯ ᠰᠢᠲᠦᠨ ᠤ ᠵᠠᠪᠰᠠᠷ ᠢ ᠰᠠᠶᠢᠨ ᠴᠡᠪᠡᠷᠯᠡᠵᠦ ᠲᠡᠶᠢᠯᠦᠨ᠎ᠡ᠃ ᠡᠨᠡ ᠨᠢ ᠰᠢᠲᠦᠨ ᠤ ᠴᠡᠪᠡᠷᠯᠡᠬᠦ ᠳᠤ ᠬᠦᠴᠢᠷ ᠬᠡᠰᠡᠭ ᠢ ᠠᠷᠢᠭᠤᠳᠬᠠᠵᠤ ᠴᠢᠳᠠᠬᠤ ᠪᠣᠯᠪᠠᠴᠤ ᠠᠮᠠᠨ ᠤ ᠬᠦᠨᠳᠡᠢ ᠶᠢ ᠪᠦᠬᠦᠨ ᠢᠶᠠᠷ ᠨᠢ ᠠᠷᠢᠭᠤᠳᠬᠠᠵᠤ ᠲᠡᠶᠢᠯᠬᠦ ᠦᠭᠡᠢ ᠪᠠᠶᠢᠳᠠᠭ᠃      ᠲᠡᠭᠡᠷᠡᠬᠢ ᠶᠢ ᠬᠤᠷᠢᠶᠠᠩᠭᠤᠶᠢᠯᠠᠪᠠᠯ᠂ ᠠᠮᠠ ᠪᠠᠨ ᠵᠠᠶᠢᠯᠠᠬᠤ᠂ ᠰᠢᠲᠦᠨ ᠤ ᠤᠳᠠᠰᠤ ᠶᠢ ᠬᠡᠷᠡᠭᠯᠡᠬᠦ ᠨᠢ ᠪᠦᠷ ᠰᠢᠲᠦᠨ ᠤ ᠱᠤᠸᠠᠰᠠ ᠶᠢ ᠤᠷᠤᠯᠠᠵᠤ ᠲᠡᠶᠢᠯᠬᠦ ᠦᠭᠡᠢ᠃ ᠡᠶᠢᠮᠦ ᠠᠴᠠ ᠤᠨᠤᠪᠴᠢᠳᠡᠢ ᠪᠠᠷ ᠠᠮᠠᠨ ᠤ ᠬᠦᠨᠳᠡᠢ ᠶᠢ ᠠᠷᠢᠭᠤᠳᠬᠠᠬᠤ ᠨᠢ ᠰᠢᠳᠦ ᠪᠠᠨ ᠱᠤᠸᠠᠰᠳᠠᠬᠤ ᠪᠠᠷ ᠭᠤᠤᠯᠯᠠᠵᠤ᠂ ᠠᠮᠠ ᠪᠠᠨ ᠵᠠᠶᠢᠯᠠᠬᠤ᠂ ᠰᠢᠲᠦᠨ ᠤ ᠤᠳᠠᠰᠤ ᠪᠠᠷ ᠨᠦᠬᠦᠪᠦᠷᠢ ᠪᠤᠯᠭᠠᠬᠤ ᠶᠢᠨ ᠠᠯᠢ ᠨᠢ ᠴᠦ ᠲᠤᠳᠠᠭᠳᠠᠵᠤ ᠪᠤᠯᠬᠤ ᠦᠭᠡᠢ᠃ ᠲᠡᠭᠡᠷ᠎ᠡ ᠲᠤᠤᠷ᠎ᠠ ᠰᠢᠲᠦᠨ ᠤ ᠭᠠᠳᠠᠷ ᠲᠠᠯ᠎ᠠ ᠪᠠ ᠲᠤᠳᠤᠷ ᠲᠠᠯ᠎ᠠ ᠶᠢ ᠪᠦᠷ ᠱᠤᠸᠠᠰᠳᠠᠨ᠎ᠠ᠃ ᠲᠤᠳᠤᠷ᠎ᠠ ᠲᠠᠯ᠎ᠠ ᠶᠢᠨ ᠬᠡᠰᠡᠭ ᠪᠤᠯ ᠬᠡᠯᠡ ᠲᠠᠢ ᠤᠶᠢᠷᠠᠳᠤᠭᠰᠠᠨ ᠲᠡᠷᠡ ᠲᠠᠯ᠎ᠠ ᠶᠢ ᠵᠢᠭᠠᠵᠤ ᠪᠠᠶᠢᠨ᠎ᠠ᠃ ᠡᠭᠦᠳᠡᠨ ᠰᠢᠲᠦᠨ ᠤ ᠲᠤᠳᠤᠷ᠎ᠠ ᠬᠡᠰᠡᠭ ᠢ ᠭᠤᠤᠯᠳᠠᠭᠤ ᠲᠡᠭᠡᠭᠰᠢ ᠲᠤᠷᠤᠭᠰᠢ ᠴᠢᠭᠯᠡᠯ ᠢᠶᠠᠷ ᠱᠤᠸᠠᠰᠳᠠᠵᠤ᠂ ᠰᠢᠲᠦ ᠪᠤᠯᠤᠨ ᠬᠡᠯᠡᠨ ᠤ ᠭᠠᠳᠠᠷᠭᠤ ᠶᠢ ᠪᠠᠰᠠ ᠱᠤᠸᠠᠰᠳᠠᠵᠤ᠂ ᠱᠤᠸᠠᠰᠠ ᠪᠠᠨ ᠬᠦᠨᠳᠡᠯᠡᠨ ᠢᠶᠠᠷ ᠬᠡᠷᠡᠭᠯᠡᠪᠡᠯ ᠵᠤᠬᠢᠰᠳᠠᠢ᠃ ᠰᠢᠲᠦᠨ ᠤ ᠲᠡᠭᠡᠷ᠎ᠡ ᠲᠠᠯ᠎ᠠ ᠪᠤᠶᠤ ᠵᠠᠵᠢᠯᠠᠬᠤ ᠬᠡᠰᠡᠭ ᠢ ᠱᠤᠸᠠᠰᠳᠠᠬᠤ ᠳᠤ ᠰᠢᠲᠦᠨ ᠤ ᠱᠤᠸᠠᠰᠠ ᠶᠢ ᠰᠢᠲᠦ ᠲᠠᠢ ᠪᠠᠨ ᠵᠡᠷᠭᠡᠴᠡᠭᠡ ᠪᠠᠶᠢᠯᠭᠠᠵᠤ᠂ ᠪᠠᠭ᠋ᠠᠨ ᠢᠳᠠᠯᠡᠵᠦ ᠤᠬᠤᠷ ᠵᠠᠢ ᠶᠢᠨ ᠲᠤᠳᠤᠷ᠎ᠠ ᠨᠠᠰᠢ ᠴᠠᠰᠢ ᠱᠤᠸᠠᠰᠳᠠᠨ᠎ᠠ᠃ ᠬᠡᠯᠡᠨ ᠤ ᠦᠵᠦᠬᠦᠷ ᠢᠶᠠᠨ ᠱᠤᠸᠠᠰᠳᠠᠨ᠎ᠠ᠃ ᠰᠢᠲᠤ ᠪᠠᠨ ᠱᠤᠸᠠᠰᠳᠠᠬᠤ ᠨᠢ ᠵᠦᠪᠬᠡᠨ ᠰᠢᠲᠦ ᠶᠢ ᠴᠡᠪᠡᠷᠯᠡᠬᠦ ᠶᠢ ᠬᠡᠯᠡᠵᠦ ᠪᠠᠶᠢᠭ᠎ᠠ ᠪᠢᠰᠢ᠂ ᠬᠡᠯᠡ ᠪᠠᠨ ᠪᠠᠰᠠ ᠤᠮᠳᠤᠭᠠᠶᠢᠯᠠᠵᠤ ᠪᠤᠯᠬᠤ ᠦᠭᠡᠢ᠂᠂ ᠬᠡᠯᠡ ᠪᠠᠨ ᠪᠠᠰᠠ ᠱᠣᠸᠠᠰᠳᠠᠬᠤ ᠴᠢᠬᠤᠯᠠ ᠲᠠᠢ᠃      ᠵᠥᠪᠯᠡᠯᠭᠡ᠄      1᠂ ᠪᠦᠯᠢᠶᠡᠨ ᠤᠰᠤ ᠪᠠᠷ ᠰᠢᠲᠦ ᠪᠠᠨ ᠤᠬᠢᠶᠠᠨ᠎ᠠ᠃      2᠂ ᠬᠤᠭᠤᠯᠠᠨ ᠤ ᠲᠠᠷᠠᠭ᠎ᠠ ᠲᠠᠷᠦ᠋ᠢᠬᠠᠨ ᠰᠢᠲᠦ ᠪᠠᠨ ᠤᠬᠢᠶᠠᠵᠤ ᠪᠤᠯᠬᠤ ᠦᠭᠡᠢ᠃      3᠂ ᠠᠳᠠᠯᠢ ᠪᠤᠰᠤ ᠤᠬᠢᠶᠠᠯᠭ᠎ᠠ ᠶᠢᠨ ᠨᠤᠨᠳᠠᠭ ᠢ ᠰᠣᠯᠢᠵᠤ ᠬᠡᠷᠡᠭᠯᠡᠪᠡᠯ ᠰᠠᠶᠢᠨ᠃ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ  ᠪᠠᠭᠤᠯᠭᠠᠭᠰᠠᠨ ᠨᠢ᠄ ᠰᠠᠷᠠᠭᠤᠯ
 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2