ᠡᠷᠡᠬᠦᠯ ᠮᠡᠨᠳᠦ ᠪᠠᠨ ᠠᠩᠬᠠᠷᠬᠤ ᠳᠤ ᠢᠳᠡᠬᠡᠨ ᠤᠮᠳᠠᠭᠠᠨ ᠢᠶᠠᠨ ᠵᠦᠪ ᠵᠤᠬᠢᠴᠠᠭᠤᠯᠬᠤ ᠨᠢ ᠬᠠᠮᠤᠭ ᠴᠢᠬᠤᠯᠠ
ᠨᠡᠶᠢᠲᠡᠯᠡᠭᠰᠡᠨ ᠴᠠᠭ᠄
2019-10-31
     ᠮᠤᠩᠭᠤᠯ ᠡᠮᠨᠡᠯᠬᠡ ᠶᠢᠨ ︽ᠲᠦᠷᠪᠡᠨ ᠦᠨᠳᠦᠰᠦ︾ ᠳᠤ᠄ ︽ᠬᠤᠳᠤᠭᠤᠳᠤ ᠶᠢ ᠲᠦᠷᠪᠡᠨ ᠬᠤᠪᠢ ᠪᠠᠷ ᠪᠤᠳᠤᠪᠠᠯ ᠬᠤᠶᠠᠷ ᠬᠤᠪᠢ ᠳᠤᠨᠢ ᠢᠳᠡᠬᠡᠨ᠂ ᠨᠢᠬᠡ ᠬᠤᠪᠢ ᠳᠤᠨᠢ ᠤᠮᠳᠠᠭᠠᠨ᠂ ᠨᠦᠬᠦᠬᠡ ᠨᠢᠬᠡ ᠬᠤᠪᠢ ᠶᠢ ᠨᠢ ᠬᠤᠭᠤᠰᠤᠨ ᠦᠯᠡᠳᠡᠬᠡᠪᠡᠯ ᠰᠠᠶᠢᠨ︾ ᠪᠦᠬᠡᠳ ᠴᠢᠨᠠᠷ ᠤᠨ ᠲᠠᠯ᠎ᠠ ᠪᠠᠷ ︽ᠬᠦᠡᠭᠭᠡᠨ ᠢᠳᠡᠬᠡᠨ ᠢ ᠴᠠᠳᠳᠠᠯ᠎ᠠ ᠢᠳᠡᠵᠦ᠂ᠬᠦᠨᠳᠦ ᠢᠳᠡᠬᠡᠨ ᠢ ᠴᠠᠳᠳᠠᠯ᠎ᠠ ᠢᠳᠡᠬᠦ ᠦᠬᠡᠢ ᠪᠠᠶᠢᠵᠤ᠂ ᠠᠮᠠᠷᠬᠠᠨ ᠰᠢᠩᠭᠡᠬᠦ ᠶᠢ ᠪᠠᠷᠢᠮᠳᠠᠯᠠᠪᠠᠯ ᠰᠠᠶ᠋ᠢ ᠪᠡᠶ᠎ᠡ ᠳᠤ ᠵᠤᠬᠢᠮᠵᠢᠳᠠᠢ ᠪᠤᠯᠵᠤ ᠭᠠᠯ ᠤᠨ ᠢᠯᠴᠢ ᠶᠢ ᠰᠡᠯᠪᠢᠬᠦ ᠶᠤᠮ︾ ᠭᠡᠵᠦ ᠲᠡᠮᠳᠡᠭᠯᠡᠭᠰᠡᠨ ᠪᠠᠶᠢᠳᠠᠭ᠃ ᠡᠨᠡ ᠨᠢ ᠬᠦᠮᠦᠰ ᠤᠨ ᠪᠡᠶ᠎ᠡ ᠶᠢᠨ ᠡᠷᠡᠬᠦᠯ ᠮᠡᠨᠳᠦ ᠪᠠᠨ ᠠᠩᠬᠠᠷᠬᠤ ᠳᠤ ᠢᠳᠡᠬᠡᠨ ᠤᠮᠳᠠᠭᠠᠨ ᠤ ᠪᠠᠨ ᠲᠠᠯ᠎ᠠ ᠪᠠᠷ ᠵᠦᠪ ᠵᠤᠬᠢᠴᠠᠭᠤᠯᠬᠤ ᠨᠢ ᠮᠠᠰᠢ ᠴᠢᠬᠤᠯᠠ ᠪᠠᠶᠢᠳᠠᠭ ᠭᠡᠰᠡᠨ ᠢ ᠬᠠᠷᠠᠭᠤᠯᠵᠤ ᠪᠠᠶᠢᠨ᠎ᠠ᠃      ᠬᠦᠮᠦᠰ ᠠᠮᠢᠳᠤᠷᠠᠯ ᠤᠨ ᠨᠦᠬᠦᠴᠡᠯ ᠢᠶᠠᠨ ᠰᠠᠶᠢᠵᠢᠷᠠᠭᠤᠯᠵᠤ᠂ ᠠᠮᠢᠳᠤᠷᠠᠯ ᠤᠨ ᠴᠢᠨᠠᠷ ᠴᠢᠨᠰᠠᠭ᠎ᠠ ᠪᠠᠨ ᠤᠯᠠᠮ ᠰᠠᠶᠢᠵᠢᠷᠠᠭᠤᠯᠬᠤ ᠶᠢᠨ ᠲᠦᠯᠦᠬᠡ ᠤᠯᠠᠩᠬᠢ ᠬᠦᠮᠦᠰ ᠪᠡᠶ᠎ᠡ ᠶᠢᠨ ᠡᠷᠡᠬᠦᠯ ᠮᠡᠨᠳᠦ ᠪᠠᠨ ᠲᠡᠷᠢᠬᠦᠨ ᠪᠠᠶᠢᠷᠢᠨ ᠳᠤ ᠲᠠᠯᠪᠢᠵᠤ᠂ ᠡᠪᠡᠳᠴᠢᠨ ᠡᠮᠭᠡᠭ ᠢ ᠤᠷᠢᠳᠴᠢᠯᠠᠨ ᠰᠡᠷᠬᠡᠶᠢᠯᠡᠵᠦ᠂ ᠪᠡᠶ᠎ᠡ ᠮᠠᠬᠠᠪᠤᠳ ᠢᠶᠠᠨ ᠤᠯᠠᠮ ᠴᠢᠬᠢᠷᠠᠭᠵᠢᠭᠤᠯᠬᠤ ᠶᠢ ᠠᠩᠬᠠᠷᠳᠠᠭ᠃ ᠡᠬᠦᠨ ᠳᠤ ᠶᠠᠭᠤᠨ ᠤ ᠤᠷᠢᠳ ᠢᠳᠡᠬᠡᠨ ᠤᠮᠳᠠᠭᠠᠨ ᠢᠶᠠᠨ ᠤᠷᠭᠠᠨᠢᠭ ᠵᠤᠬᠢᠴᠠᠭᠤᠯᠬᠤ ᠨᠢ ᠬᠠᠮᠤᠭ ᠴᠢᠬᠤᠯᠠ᠃ ᠲᠡᠭᠡᠪᠡᠯ ᠢᠳᠡᠬᠡᠨ ᠤᠮᠳᠠᠭᠠᠨ ᠤ ᠬᠡᠮᠵᠢᠶ᠎ᠡ ᠶᠢ ᠵᠤᠬᠢᠴᠠᠭᠤᠯᠬᠤ ᠳᠤ ᠦᠷᠯᠦᠬᠡ ᠶᠢᠨ ᠬᠤᠭᠤᠯᠠ ᠶᠢ ᠰᠠᠶᠢᠨ ᠢᠳᠡᠬᠦ ᠨᠢ ᠮᠠᠰᠢ ᠴᠢᠬᠤᠯᠠ ᠪᠠᠶᠢᠳᠠᠭ ᠢ ᠬᠦᠮᠦᠰ ᠪᠦᠷ ᠠᠨᠳᠠᠬᠤ ᠦᠬᠡᠢ ᠪᠠᠶᠢᠬ᠎ᠠ᠃ ᠦᠷᠯᠦᠬᠡ ᠶᠢᠨ ᠬᠤᠭᠤᠯᠠ ᠶᠢ ᠰᠠᠶᠢᠨ ᠢᠳᠡᠬᠦ ᠦᠬᠡᠢ ᠪᠤᠯ ᠬᠤᠳᠤᠭᠤᠳᠤ ᠮᠠᠭᠤᠳᠠᠬᠤ᠂ ᠰᠦᠰᠦ ᠮᠠᠭᠤᠳᠠᠬᠤ ᠵᠡᠷᠬᠡ ᠤᠯᠠᠨ ᠡᠪᠡᠳᠴᠢᠨ ᠢᠯᠡᠷᠡᠵᠦ᠂ ᠬᠦᠮᠦᠨ ᠤ ᠡᠷᠡᠬᠦᠯ ᠮᠡᠨᠳᠦ ᠶᠢ ᠨᠦᠯᠦᠬᠡᠯᠡᠵᠦ ᠡᠬᠢᠯᠡᠳᠡᠭ᠃      ᠡᠳᠦᠷ ᠪᠦᠷᠢ ᠦᠷᠯᠦᠬᠡ ᠶᠢᠨ ᠬᠤᠭᠤᠯᠠ ᠪᠠᠨ ᠰᠠᠶᠢᠨ ᠢᠳᠡᠬᠦ ᠶᠢ ᠪᠠᠳᠤᠯᠠᠪᠠᠯ ᠨᠢᠬᠡ ᠡᠳᠦᠷ ᠤᠨ ᠠᠵᠢᠯ ᠬᠢᠳᠡᠯ ᠬᠢᠬᠦ ᠳᠤ ᠪᠠᠨ ᠮᠠᠰᠢ ᠤᠷᠮᠠᠳᠠᠢ ᠪᠠᠶᠢᠵᠤ᠂ ᠲᠡᠷᠡᠴᠢᠯᠡᠨ ᠦᠷᠯᠦᠬᠡ ᠰᠦ᠂ ᠴᠠᠭᠠᠨ ᠢᠳᠡᠬᠡᠨ᠂ ᠲᠤᠰᠤᠯᠢᠭ ᠪᠤᠤᠪᠤ ᠪᠤᠭᠤᠷᠰᠤᠭ᠂ ᠦᠨᠳᠡᠬᠡᠨ ᠤ ᠵᠦᠢᠯ ᠵᠡᠷᠬᠡ ᠪᠦᠯᠢᠶᠡᠪᠳᠦᠷ ᠲᠤᠰᠤᠯᠢᠬ ᠢᠳᠡᠬᠡᠨ ᠨᠢ ᠲᠤᠬᠢᠷᠠᠮᠵᠢᠳᠠᠢ ᠪᠠᠶᠢᠳᠠᠭ᠃ ᠲᠠᠷᠠᠭ᠎ᠠ ᠨᠢ ᠦᠳᠡ ᠶᠢᠨ ᠬᠤᠭᠤᠯᠠ ᠶᠢ ᠴᠠᠳᠳᠠᠯ᠎ᠠ ᠢᠳᠡᠨ᠂ ᠰᠡᠷᠢᠬᠦᠨ ᠠᠮᠳᠠᠯᠢᠭ ᠪᠤᠯ ᠰᠠᠶᠢᠨ ᠪᠠᠶᠢᠳᠠᠭ ᠢ ᠲᠧᠯᠸᠢᠰ ᠤᠨ ᠤᠯᠠᠨ ᠡᠷᠡᠬᠦᠯ ᠮᠡᠨᠳᠦ ᠶᠢᠨ ᠬᠠᠮᠢᠶ᠎ᠠ ᠪᠦᠬᠦᠢ ᠮᠡᠳᠡᠬᠡᠯᠡᠯ ᠲᠡᠭᠡᠷ᠎ᠡ ᠨᠡᠶᠢᠳᠡᠯᠡᠵᠦ ᠪᠠᠶᠢᠳᠠᠭ᠃ ᠤᠷᠤᠢ ᠨᠢ ᠰᠢᠮ᠎ᠡ ᠲᠡᠵᠢᠬᠡᠯ ᠢᠶᠠᠷ ᠡᠯᠪᠡᠭ ᠰᠢᠩᠭᠡᠬᠦᠷᠢᠳᠡᠢ ᠢᠳᠡᠬᠡᠨ ᠬᠢᠵᠦ᠂ ᠨᠠᠢᠮᠠᠨ ᠬᠤᠪᠢ ᠴᠠᠳᠳᠠᠯ᠎ᠠ ᠢᠳᠡᠪᠡᠯ ᠪᠤᠯᠴᠢᠬᠠᠨ᠎ᠠ᠃ ᠭᠤᠤᠯᠳᠠᠭᠤ ᠸᠢᠲ᠋ᠠᠮᠢᠨ ᠡᠯᠪᠡᠭ ᠰᠢᠨ᠎ᠡ ᠰᠤᠷᠭᠤᠭ ᠨᠤᠭᠤᠭᠠᠨ ᠵᠦᠢᠯ ᠪᠠ ᠰᠢᠰᠢ᠂ ᠡᠷᠳᠡᠨᠢ ᠰᠢᠰᠢ᠂ ᠮᠤᠩᠭᠤᠯ ᠠᠮᠦ ᠂ ᠨᠠᠷᠢᠮᠦ ᠵᠡᠷᠭᠡ ᠪᠠᠷ ᠭᠤᠤᠯᠳᠠᠭᠤᠯᠵᠤ᠂ ᠲᠤᠳᠤᠷᠭ᠎ᠠ ᠪᠤᠭᠤᠳᠠᠢ ᠶᠢᠨ ᠭᠤᠯᠢᠷ ᠢ ᠬᠠᠪᠰᠤᠷᠭᠠᠪᠠᠯ ᠢᠯᠡᠬᠦᠦ ᠰᠢᠮ᠎ᠡ ᠲᠠᠢ ᠪᠠᠶᠢᠳᠠᠭ ᠢ ᠨᠤᠮ ᠲᠡᠭᠡᠷ᠎ᠡ ᠲᠡᠮᠳᠡᠭᠯᠡᠭᠰᠡᠨ ᠪᠠᠶᠢᠳᠠᠭ᠃      ᠪᠡᠶ᠎ᠡ ᠶᠢᠨ ᠡᠷᠡᠬᠦᠯ ᠮᠡᠨᠳᠦ ᠶᠢ ᠪᠠᠳᠤᠯᠠᠵᠤ᠂ ᠡᠷᠡᠬᠦᠯ ᠰᠠᠷᠠᠭᠤᠯ ᠪᠡᠶ᠎ᠡ ᠮᠠᠬᠠᠪᠤᠳ᠂ ᠤᠶᠤᠨ ᠤᠬᠠᠭᠠᠨ ᠲᠠᠢ ᠶᠠᠪᠤᠬᠤ ᠶᠢᠨ ᠲᠤᠯᠠᠳᠠ ᠰᠢᠨᠵᠢᠯᠡᠬᠦ ᠤᠬᠠᠭᠠᠨᠴᠢ ᠪᠠᠷ ᠢᠳᠡᠬᠡᠨ ᠤᠮᠳᠠᠭᠠᠨ ᠢᠶᠠᠨ ᠲᠤᠬᠢᠷᠠᠭᠤᠯᠵᠤ᠂ ᠰᠠᠶᠢᠨ ᠰᠠᠶᠢᠬᠠᠨ ᠠᠮᠢᠳᠤᠷᠠᠯ ᠤᠨ ᠲᠠᠳᠬᠠᠯ ᠲᠠᠢ ᠪᠤᠯᠵᠠᠭᠠᠶ᠎ᠠ᠃                          ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ                          ᠪᠠᠭᠤᠯᠭᠠᠭᠰᠠᠨ ᠨᠢ᠄ ᠰᠠᠷᠠᠭᠤᠯ
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2