ᠰᠠᠪᠬ᠎ᠠ ᠶᠢ 3-6 ᠰᠠᠷ᠎ᠠ ᠶᠢᠨ ᠲᠤᠳᠤᠷ᠎ᠠ ᠰᠤᠯᠢᠪᠠᠯ ᠰᠠᠶᠢᠨ
ᠨᠡᠶᠢᠲᠡᠯᠡᠭᠰᠡᠨ ᠴᠠᠭ᠄
2019-11-15
     ᠤᠶᠢᠯᠠᠭᠠᠬᠰᠠᠨ ᠢᠶᠠᠷ᠂ ᠡᠩ ᠤᠨ ᠠᠮᠢᠳᠤᠷᠠᠯ ᠲᠤᠮᠳᠠ ᠬᠦᠮᠦᠰ ᠡᠲᠦᠷ ᠪᠤᠯᠭᠠᠨ ᠰᠠᠪᠬ᠎ᠠ ᠬᠡᠷᠡᠭᠯᠡᠳᠡᠭ᠂ ᠭᠡᠳᠡᠯ᠎ᠡ ᠠᠷᠢᠭᠤᠨ ᠴᠡᠪᠡᠷ ᠤᠨ ᠪᠠᠶᠢᠳᠠᠯ ᠢ ᠨᠢ ᠤᠮᠳᠤᠭᠠᠶᠢᠯᠠᠭᠠᠳ ᠪᠠᠶᠢᠳᠠᠭ᠃ ᠭᠡᠷ ᠤᠨ ᠶᠠᠪᠤᠳᠠᠯ ᠤᠨ ᠠᠵᠢᠯ ᠲᠦᠷᠦᠯ ᠡᠷᠭᠢᠯᠡᠵᠦ ᠪᠠᠶᠢᠭ᠎ᠠ ᠯᠢᠦ ᠯᠢᠶᠠᠨ ᠰᠢ ᠰᠠᠨᠠᠭᠤᠯᠬᠤ ᠳᠠᠭᠠᠨ᠂ ᠰᠠᠪᠬ᠎ᠠ ᠨᠢ ᠵᠦᠪᠬᠡᠨ 3-6 ᠰᠠᠷ᠎ᠠ ᠶᠢᠨ ︽ᠠᠮᠢ ᠨᠠᠰᠤ︾ ᠲᠠᠢ ᠪᠠᠶᠢᠳᠠᠭ᠂ ᠬᠡᠵᠢᠶ᠎ᠡ ᠰᠠᠪᠬ᠎ᠠ ᠪᠠᠨ ᠰᠤᠯᠢᠬᠤ ᠶᠢ ᠬᠡᠷᠡᠭᠯᠡᠭᠰᠡᠨ ᠬᠡᠮᠵᠢᠶ᠎ᠡ ᠶᠢ ᠨᠢ ᠦᠨᠳᠦᠰᠦᠯᠡᠨ ᠲᠤᠭᠳᠠᠭᠠᠳᠠᠭ ᠭᠡᠵᠡᠢ᠃
     ᠰᠤᠯᠢᠬᠤ ᠴᠢᠬᠤᠯᠠᠳᠠᠢ ᠪᠤᠯᠤᠭᠰᠠᠨ ᠰᠠᠪᠬ᠎ᠠ ᠨᠢ ᠦᠩᠭᠡ ᠨᠢ ᠬᠤᠪᠢᠷᠠᠭᠰᠠᠨ ᠪᠠᠶᠢᠳᠠᠭ᠂ ᠰᠠᠪᠬ᠎ᠠ ᠶᠢᠨ ᠦᠩᠭᠡ ᠨᠢ ᠬᠤᠪᠢᠷᠠᠭᠰᠠᠨ ᠨᠢ ᠮᠠᠲ᠋ᠧᠷᠢᠶᠠᠯ ᠤᠨ ᠰᠢᠨᠵᠢ ᠴᠢᠨᠠᠷ ᠨᠢ ᠨᠢᠭᠡᠨᠳᠡ ᠬᠤᠪᠢᠷᠠᠭᠰᠠᠨ ᠬᠡᠳᠡᠭ ᠢ ᠬᠠᠷᠠᠭᠤᠯᠵᠤ᠂ ᠬᠡᠷᠪᠡ ᠦᠷᠬᠦᠯᠵᠢᠯᠡᠨ ᠬᠡᠷᠡᠭᠯᠡᠪᠡᠯ ᠪᠡᠶ᠎ᠡ ᠮᠠᠬᠠᠪᠤᠳ ᠤᠨ ᠡᠷᠡᠬᠦᠯ ᠴᠢᠬᠢᠷᠠᠭ ᠢ ᠨᠦᠯᠦᠭᠡᠯᠡᠬᠦ ᠪᠤᠯᠤᠯᠴᠠᠭ᠎ᠠ ᠲᠠᠢ᠃ ᠰᠠᠪᠬ᠎ᠠ ᠶᠢᠨ ᠦᠩᠭᠡ ᠶᠢᠨ ᠬᠤᠪᠢᠷᠠᠭᠰᠠᠨ ᠰᠢᠯᠳᠠᠭᠠᠨ ᠨᠢ ᠤᠯᠠᠨ ᠪᠠᠶᠢᠳᠠᠭ᠂ ᠡᠬᠦᠨ ᠳᠤ ᠭᠤᠤᠯᠳᠠᠭᠤ ᠢᠳᠡᠭᠡᠨ᠂ ᠤᠬᠢᠶᠠᠯᠭ᠎ᠠ ᠶᠢᠨ ᠡᠳ᠋ ᠪᠤᠯᠤᠨ ᠤᠬᠢᠶᠠᠭᠰᠠᠨ ᠤ ᠲᠠᠷᠠᠭᠠᠬᠢ ᠦᠯᠡᠳᠡᠭᠳᠡᠯ ᠪᠤᠳᠠᠰ ᠠᠴᠠ ᠪᠤᠯᠤᠭᠰᠠᠨ ᠶᠤᠮ᠃ ᠬᠡᠷᠪᠡ ᠰᠠᠪᠬᠠᠨ ᠲᠡᠭᠡᠷ᠎ᠡ ᠲᠤᠯᠪᠤ ᠢᠯᠡᠷᠡᠪᠡᠯ ᠡᠨᠡ ᠨᠢ ᠬᠤᠤᠷᠠᠳᠤ ᠲᠤᠯᠪᠤ ᠪᠤᠯᠬᠤ ᠪᠤᠯᠤᠯᠴᠠᠭ᠎ᠠ ᠲᠠᠢ ᠶᠤᠮ᠃      ᠡᠬᠦᠨ ᠠᠴᠠ ᠭᠠᠳᠠᠨ᠎ᠠ᠂ ᠬᠦᠮᠦᠰ ᠦᠨᠦᠷᠲᠦᠬᠦ ᠠᠷᠭ᠎ᠠ ᠪᠠᠷ ᠲᠠᠮᠵᠢᠨ ᠰᠠᠪᠬ᠎ᠠ ᠪᠠᠨ ᠰᠤᠯᠢᠬᠤ ᠡᠰᠡᠬᠦ ᠶᠢ ᠮᠠᠭᠠᠳᠯᠠᠵᠤ ᠪᠤᠯᠤᠨ᠎ᠠ᠃ ᠭᠡᠷᠪᠡ ᠰᠠᠪᠬᠠᠨ ᠲᠡᠭᠡᠷ᠎ᠡ ᠢᠯᠡᠷᠬᠡᠢ ᠬᠦᠴᠢᠯᠯᠢᠭ ᠦᠨᠦᠷ ᠲᠠᠢ ᠪᠤᠯ ᠲᠡᠷᠡ ᠨᠢ ᠨᠢᠭᠡᠨᠳᠡ ᠪᠤᠬᠢᠷᠳᠤᠬᠰᠠᠨ ᠢ ᠬᠠᠷᠠᠭᠤᠯᠵᠤ ᠪᠠᠶᠢᠨ᠎ᠠ᠃ ᠰᠠᠨᠠᠭᠤᠯᠬᠤ ᠨᠢ ᠲᠠᠷᠦ᠋ᠢᠬᠠᠨ ᠰᠤᠯᠢᠭᠠᠷᠠᠢ︕ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠷᠠᠳᠢᠣ᠋ ᠨᠡᠪᠲᠡᠷᠡᠭᠦᠯᠭᠡ ᠶᠢᠨ ᠰᠦᠯᠵᠢᠶ᠎ᠡ ᠪᠠᠭᠤᠯᠭᠠᠭᠰᠠᠨ ᠨᠢ᠄ ᠰᠠᠷᠠᠭᠤᠯ
 
ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠷᠠᠳᠢᠣ᠋ ᠨᠡᠪᠲᠡᠷᠡᠭᠦᠯᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004288号-2